ᠶᠠᠩ ᠱᠤᠤ ᠡᠦ ᠰᠢᠷᠭᠠᠭᠤ ᠬᠠᠳ᠋ᠠᠭᠤᠵᠢᠯᠳ᠋ᠠᠢ ᠪᠠᠷ ᠠᠳ᠋ᠠᠯ ᠦᠢᠯᠡᠰ ᠴᠤᠭᠴᠠᠯᠠᠨ ᠠᠷᠠᠳ ᠤᠨ ᠲᠦ᠋ᠯᠦᠭᠡ ᠵᠢᠳᠭᠦᠵᠦ ᠪᠠᠢ᠌ᠭ᠎ᠠ
ᠵᠠᠷᠤᠳ ᠬᠤᠰᠢᠭᠤᠨ ᠤ ᠵᠢᠷᠦᠬᠡ ᠪᠠᠯᠭᠠᠰᠤ ᠶᠢᠨ ᠪᠠᠢ ᠱᠦ᠋ᠨ ᠲᠡᠵᠢᠭᠡᠨ ᠦᠷᠡᠵᠢᠭᠦᠯᠬᠦ ᠲᠤᠰᠬᠠᠢ ᠬᠤᠷᠰᠢᠶᠠᠵᠢᠯ ᠤᠨ ᠬᠡᠷᠡᠭ᠌ ᠡᠷᠬᠢᠯᠡᠭ᠍ᠴᠢ ᠶᠢᠨ ᠲᠠᠷᠤᠭ᠎ᠠ ᠶᠠᠩ ᠱᠤᠤ ᠡᠦ ᠬᠤᠰᠢᠭᠤᠨ ᠤ ᠠᠷᠪᠠᠨ ᠵᠢᠷᠭᠤᠳ᠋ᠤᠭᠠᠷ᠂ ᠠᠷᠪᠠᠨ ᠲᠤᠯᠤᠳᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ ᠪᠠᠷ ᠰᠤᠩᠭ᠋ᠤᠭᠳ᠋ᠠᠭᠰᠠᠨ ᠡᠴᠡ ᠨᠠᠭᠠᠰᠢ᠂ ᠤᠯᠠᠨ ᠲᠦ᠋ᠮᠡᠨ ᠳᠤ ᠪᠤᠳ᠋ᠠᠳ᠋ᠤ ᠶᠠᠪᠤᠳ᠋ᠠᠯ ᠬᠢᠵᠦ᠂ ᠵᠤᠯ ᠵᠢᠷᠭᠠᠯ ᠤᠯᠭᠤᠬᠤ ᠪᠠᠷ ᠬᠠᠮᠤᠭ ᠤᠨ ᠶᠡᠬᠡ ᠤᠭ ᠰᠠᠨᠠᠭ᠎ᠠ ᠪᠠ ᠡᠭᠦᠷᠭᠡ ᠬᠠᠷᠢᠭᠤᠴᠠᠯᠭ᠎ᠠ ᠪᠠᠨ ᠪᠤᠯᠭᠠᠨ᠂ ᠠᠷᠠᠳ ᠤᠨ ᠠᠮᠢᠳ᠋ᠤᠷᠠᠯ ᠢ ᠢᠮᠠᠭᠳ᠋ᠠ ᠠᠩᠬᠠᠷᠴᠦ᠂ ᠠᠷᠠᠳ ᠤᠨ ᠰᠠᠨᠠᠭ᠎ᠠ ᠶᠢ ᠦᠷᠭᠡᠨ ᠶᠢᠡᠷ ᠲᠦ᠋ᠪᠯᠡᠷᠡᠭᠦᠯᠦᠨ᠂ ᠤᠯᠠᠨ ᠲᠦ᠋ᠮᠡᠨ ᠤ ᠠᠵᠤ ᠦᠢᠯᠡᠰ ᠤᠨ ᠬᠦᠭ᠍ᠵᠢᠯᠳ᠋ᠡ ᠳᠤ ᠬᠦᠴᠦᠨ ᠨᠡᠮᠡᠷᠢᠯᠡᠵᠦ᠂ ᠶᠠᠳ᠋ᠠᠭᠤ ᠡᠴᠡ ᠠᠩᠭᠢᠵᠢᠷᠠᠭᠤᠯᠬᠤ ᠪᠤᠭᠤᠮᠳ᠋ᠠ ᠰᠢᠪᠳ᠋ᠤᠯᠬᠤ ᠪᠠ ᠬᠦᠳ᠋ᠡᠭᠡ ᠲᠤᠰᠬᠤᠨ ᠢ ᠬᠦᠭ᠍ᠵᠢᠭᠦᠯᠦᠨ ᠮᠠᠨᠳ᠋ᠤᠭᠤᠯᠬᠤ ᠠᠬᠢᠴᠡ ᠲᠤᠮᠳ᠋ᠠ ᠠᠷᠠᠳ ᠤᠨ ᠲᠦ᠋ᠯᠦᠭᠡᠯᠡᠭ᠍ᠴᠢ ᠶᠢᠨ ᠡᠭᠦᠷᠭᠡᠯᠡᠪᠡᠰᠦ ᠵᠤᠬᠢᠬᠤ ᠬᠠᠷᠢᠭᠤᠴᠠᠯᠭ᠎ᠠ ᠡᠭᠦᠷᠭᠡᠯᠡᠯ ᠪᠠ ᠵᠢᠳᠭᠦᠯ ᠴᠢᠷᠮᠠᠢ᠌ᠯᠭ᠎ᠠ ᠪᠠᠨ ᠪᠠᠳ᠋ᠠᠷᠠᠭᠤᠯᠵᠠᠢ᠃

ᠶᠠᠩ ᠱᠤᠤ ᠡᠦ ᠤᠯᠠᠨ ᠲᠦ᠋ᠮᠡᠨ ᠢ ᠵᠤᠬᠢᠶᠠᠨ ᠪᠠᠢ᠌ᠭᠤᠯᠵᠤ ᠭᠠᠳ᠋ᠠᠭᠰᠢ ᠭᠠᠷᠴᠦ ᠰᠤᠷᠤᠯᠴᠠᠭᠤᠯᠤᠨ᠂ ᠰᠠᠨᠠᠭᠠᠴᠢᠯᠠᠭ᠎ᠠ ᠡᠴᠡ ᠪᠠᠨ ᠦᠬᠡᠷ ᠤᠨ ᠠᠵᠤ ᠦᠢᠯᠡᠰ ᠤᠨ ᠬᠦᠭ᠍ᠵᠢᠯᠳ᠋ᠡ ᠶᠢ ᠰᠦ᠋ᠪᠡᠭ᠍ᠴᠢᠯᠡᠵᠦ᠂ ᠵᠠᠷᠤᠳ ᠬᠤᠰᠢᠭᠤᠨ ᠤ 《ᠵᠠᠷᠤᠳ ᠲᠠᠯ᠎ᠠ ᠨᠤᠳ᠋ᠤᠭ ᠤᠨ ᠦᠬᠡᠷ》 ᠤᠨ ᠲᠦ᠋ᠷᠦᠯ ᠲᠡᠮᠳ᠋ᠡᠭ᠌ ᠢ ᠲᠦ᠋ᠷᠭᠡᠨ ᠴᠤᠭᠴᠠᠯᠠᠬᠤ᠂ ᠠᠯᠠᠰᠢᠨ ᠦᠬᠡᠷ ᠤᠨ ᠠᠵᠤ ᠦᠢᠯᠡᠰ ᠤᠨ ᠪᠠᠷᠢᠮᠵᠢᠶᠠᠵᠢᠯᠳ᠋ᠡ᠂ ᠬᠡᠪᠴᠢᠶᠡᠵᠢᠯᠳ᠋ᠡ ᠪᠠ ᠲᠦ᠋ᠷᠦᠯ ᠲᠡᠮᠳ᠋ᠡᠭ᠍ᠵᠢᠭ᠍ᠰᠡᠨ ᠬᠦᠭ᠍ᠵᠢᠯᠳ᠋ᠡ ᠶᠢ ᠠᠬᠢᠭᠤᠯᠬᠤ ᠬᠦᠴᠦᠳ᠋ᠠᠢ ᠠᠷᠭ᠎ᠠ ᠬᠡᠮᠵᠢᠶ᠎ᠠ ᠶᠢ ᠢᠳ᠋ᠡᠪᠬᠢᠳ᠋ᠠᠢ ᠴᠤᠤᠷᠢᠶᠠᠳ᠋ᠤᠨ ᠲᠠᠭᠠᠵᠤ᠂ ᠶᠡᠷᠦᠩᠬᠡᠢ ᠲᠠᠯᠠᠪᠠᠢ ᠨᠢ 98 ᠮᠦ᠂ ᠲᠠᠩᠰᠠᠯᠠᠭᠤᠯᠤᠭᠰᠠᠨ ᠪᠡᠯᠡ ᠮᠦ᠋ᠩᠭᠦ ᠨᠢ 130 ᠲᠦ᠋ᠮᠡᠨ ᠲᠦ᠋ᠭᠦᠷᠢᠭ᠌ ᠪᠠᠢ ᠱᠦ᠋ᠨ ᠲᠡᠵᠢᠭᠡᠨ ᠦᠷᠡᠵᠢᠭᠦᠯᠬᠦ ᠲᠤᠰᠬᠠᠢ ᠬᠤᠷᠰᠢᠶᠠᠵᠢᠯ ᠢ ᠪᠠᠢ᠌ᠭᠤᠯᠵᠠᠢ᠃
ᠤᠳ᠋ᠤᠬᠠᠨ ᠳᠤ᠂ ᠬᠤᠷᠰᠢᠶᠠᠵᠢᠯ ᠨᠢ ᠨᠢᠭᠡᠨᠳ᠋ᠡ ᠲᠠᠩᠰᠠᠯᠠᠵᠤ ᠺᠠᠷᠲ᠋ᠯᠠᠭᠰᠡᠨ ᠶᠠᠳ᠋ᠠᠭᠤ ᠬᠦᠴᠢᠷᠳ᠋ᠡᠯᠳ᠋ᠠᠢ 72 ᠡᠷᠦᠭᠡ ᠶᠢᠨ 132 ᠬᠦᠮᠦᠨ ᠢ ᠡᠯᠰᠡᠨ ᠠᠪᠴᠦ᠂ ᠬᠦᠮᠦᠨ ᠲᠤᠮᠳ᠋ᠠᠴᠢ ᠶᠢᠨ ᠤᠷᠤᠯᠭ᠎ᠠ ᠨᠢ 969.25 ᠲᠦ᠋ᠭᠦᠷᠢᠭ᠌ ᠨᠡᠮᠡᠭ᠍ᠳ᠋ᠡᠨ᠂ 3 ᠶᠠᠳ᠋ᠠᠭᠤ ᠬᠦᠴᠢᠷᠳ᠋ᠡᠯᠳ᠋ᠠᠢ ᠡᠷᠦᠭᠡ ᠳᠤ ᠠᠵᠢᠯ ᠤᠯᠭᠤᠨ᠂ 2 ᠶᠠᠳ᠋ᠠᠭᠤ ᠬᠦᠴᠢᠷᠳ᠋ᠡᠯᠳ᠋ᠠᠢ ᠡᠷᠦᠭᠡ ᠶᠢ ᠬᠠᠪᠰᠤᠷᠤᠨ 4 ᠦᠬᠡᠷ ᠢ ᠨᠢ ᠨᠠᠢ᠌ᠳ᠋ᠠᠨ ᠬᠠᠮᠢᠷᠠᠷᠤᠭᠤᠯᠵᠤ ᠤᠷᠤᠯᠠᠨ ᠲᠡᠵᠢᠭᠡᠯᠭᠡᠵᠦ᠂ ᠤᠳ᠋ᠤ ᠨᠢᠭᠡᠨᠳ᠋ᠡ ᠶᠠᠳ᠋ᠠᠭᠤ ᠬᠦᠴᠢᠷᠳ᠋ᠠᠯᠳ᠋ᠠᠢ ᠡᠷᠦᠭᠡ ᠶᠢᠨ ᠠᠰᠢᠭ ᠤᠷᠤᠯᠭ᠎ᠠ ᠶᠢ ᠪᠠᠳ᠋ᠤᠯᠠᠪᠠ᠃
ᠠᠷᠠᠳ ᠤᠨ ᠲᠦ᠋ᠯᠦᠭᠡᠯᠡᠭ᠍ᠴᠢ ᠪᠠᠷ ᠰᠤᠩᠭ᠋ᠤᠭᠳ᠋ᠠᠭᠰᠠᠨ ᠲᠡᠷᠡ ᠡᠳ᠋ᠦᠷ ᠡᠴᠡ ᠡᠬᠢᠯᠡᠨ᠂ ᠶᠠᠩ ᠱᠤᠤ ᠡᠦ ᠤᠯᠠᠨ ᠲᠦ᠋ᠮᠡᠨ ᠤ ᠲᠤᠮᠳ᠋ᠠ ᠰᠠᠭᠤᠷᠢᠯᠡᠨ᠂ ᠭᠦᠨᠵᠡᠭᠡᠢ ᠪᠠᠢ᠌ᠴᠠᠭᠠᠨ ᠰᠤᠳ᠋ᠤᠯᠤᠯᠳ᠋ᠠ ᠬᠢᠵᠦ᠂ ᠤᠯᠠᠨ ᠲᠦ᠋ᠮᠡᠨ ᠤ ᠪᠤᠳ᠋ᠤᠵᠤ ᠪᠠᠴᠢᠮᠳ᠋ᠠᠵᠤ ᠰᠦ᠋ᠪᠡᠭ᠍ᠴᠢᠯᠠᠵᠦ ᠪᠠᠢ᠌ᠭ᠎ᠠ ᠠᠰᠠᠭᠤᠳ᠋ᠠᠯ ᠢ ᠴᠢᠷᠮᠠᠢ᠌ᠨ ᠪᠡᠶᠡᠯᠡᠭᠦᠯᠵᠦ᠂ ᠢᠳ᠋ᠡᠪᠬᠢᠳ᠋ᠠᠢ ᠪᠠᠷ ᠰᠠᠨᠠᠯ ᠵᠦ᠋ᠪᠯᠡᠯᠭᠡ ᠲᠡᠪᠰᠢᠭᠦᠯᠪᠡ᠃ 2019 ᠤᠨ ᠤ 《ᠬᠤᠶᠠᠷ ᠬᠤᠷᠠᠯ》 ᠲᠡᠭᠡᠷ᠎ᠠ᠂ ᠶᠠᠩ ᠱᠤᠤ ᠡᠦ 《ᠲᠠᠷᠢᠶᠠᠯᠠᠩ ᠤᠨ ᠲᠦ᠋ᠬᠦᠭᠡᠷᠦᠮᠵᠢ ᠳᠤ ᠭᠠᠵᠠᠷ ᠬᠡᠷᠡᠭᠯᠡᠬᠦ ᠶᠢ ᠬᠢᠨᠠᠨ ᠵᠦ᠋ᠪᠰᠢᠶᠡᠷᠡᠬᠦ ᠲᠡᠰ ᠲᠠᠷᠠᠭᠠᠯᠠᠯ ᠢ ᠲᠦ᠋ᠭᠦᠮᠴᠢᠯᠡᠬᠦ ᠲᠤᠬᠠᠢ ᠰᠠᠨᠠᠭᠤᠯᠭ᠎ᠠ》 ᠲᠤᠷᠠᠳᠴᠦ᠂ ᠤᠳ᠋ᠤᠬᠠᠨ ᠳᠤ ᠡᠨᠡ ᠬᠦ ᠰᠠᠨᠠᠯ ᠵᠦ᠋ᠪᠯᠡᠯᠭᠡ ᠶᠢ ᠶᠠᠭ ᠨᠠᠢ᠌ᠳ᠋ᠠᠪᠤᠷᠢᠵᠢᠭᠤᠯᠵᠤ ᠪᠠᠢ᠌ᠨ᠎ᠠ᠃
ᠶᠠᠩ ᠱᠤᠤ ᠡᠦ ᠡᠴᠡ᠂ ᠠᠷᠠᠳ ᠤᠨ ᠲᠦ᠋ᠯᠦᠭᠡᠯᠡᠭ᠍ᠴᠢ ᠪᠤᠯᠤᠭᠰᠠᠨ ᠤ ᠬᠤᠪᠢ ᠳᠤ᠂ ᠲᠡᠷᠡ ᠠᠷᠠᠳ ᠲᠦ᠋ᠮᠡᠨ ᠢ ᠢᠯᠡᠭᠦᠦ ᠪᠤᠳ᠋ᠤᠵᠤ᠂ ᠠᠷᠠᠳ ᠲᠦ᠋ᠮᠡᠨ ᠤ ᠲᠦ᠋ᠯᠦᠭᠡ ᠠᠵᠢᠯ ᠬᠢᠪᠡᠯ ᠰᠠᠶᠢ ᠠᠷᠠᠳ ᠲᠦ᠋ᠮᠡᠨ ᠲᠡᠭᠦᠨ ᠢ ᠲᠦ᠋ᠯᠦᠭᠡᠯᠡᠭ᠍ᠴᠢ ᠪᠠᠷ ᠰᠤᠩᠭ᠋ᠤᠭᠰᠠᠨ ᠡᠨᠡᠬᠦ ᠬᠦᠰᠡᠯ ᠡᠷᠡᠮᠡᠯᠵᠡᠯ ᠢ ᠬᠦᠰᠡᠷᠳ᠋ᠡᠭᠦᠯᠬᠦ ᠦᠭᠡᠶ ᠪᠠᠢ᠌ᠵᠤ᠂ ᠡᠭᠦᠷᠭᠡ ᠬᠠᠷᠢᠭᠤᠴᠠᠯᠭ᠎ᠠ ᠪᠠᠨ ᠰᠠᠢ᠌ᠳ᠋ᠤᠷ ᠭᠦᠢᠴᠡᠳᠭᠡᠨ ᠰᠠᠢ᠌ᠨ ᠠᠷᠠᠳ ᠤᠨ ᠲᠦ᠋ᠯᠦᠭᠡᠯᠡᠭ᠍ᠴᠢ ᠪᠤᠯᠤᠨ᠎ᠠ ᠭᠡᠵᠦ ᠢᠯᠡᠷᠬᠡᠢ᠌ᠯᠡᠪᠡ᠃ (ᠨᠠᠢ᠌ᠷᠠᠭᠤᠯᠤᠭᠴᠢ᠄ ᠯᠸᠢ ᠫᠠᠩ)