ᠲᠦ᠋ᠩᠯᠢᠶᠤᠤ ᠬᠤᠳ᠋ᠠ ᠶᠢᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ ᠵᠠᠷᠤᠳ ᠬᠤᠰᠢᠭᠤᠨ ᠤ ᠰᠢᠩ ᠯᠤ ᠵᠠᠮ ᠲᠡᠭᠡᠭᠡᠪᠦᠷᠢ ᠶᠢᠨ ᠬᠢᠵᠠᠭᠠᠷᠳ᠋ᠤ ᠬᠠᠷᠢᠭᠤᠴᠠᠯᠭᠠᠳ᠋ᠤ ᠺᠤᠮᠫᠠᠨᠢ ᠶᠢᠨ ᠨᠠᠮ ᠤᠨ ᠡᠭᠦᠷ ᠤᠨ ᠱᠦ᠋ᠵᠢ ᠲᠠᠭᠠᠭᠠᠮᠠᠯ ᠯᠢᠦ ᠶᠠᠨ ᠯᠦ᠋ᠩ ᠲᠤᠰᠢᠶᠠᠯ ᠬᠠᠷᠢᠭᠤᠴᠠᠯᠭ᠎ᠠ ᠪᠠᠨ ᠨᠠᠷᠢᠨ ᠬᠢᠨᠠᠮᠠᠭᠠᠢ ᠭᠦᠢᠴᠡᠳᠭᠡᠵᠦ ᠪᠤᠳ᠋ᠠᠳ᠋ᠤ ᠠᠵᠢᠯᠯᠠᠭ᠎ᠠ ᠪᠠᠷ ᠶᠢᠡᠨ ᠠᠷᠠᠳ ᠲᠤ ᠦᠢᠯᠡᠴᠢᠯᠡᠬᠦ ᠰᠢᠨ᠎ᠠ ᠬᠠᠭᠤᠳ᠋ᠠᠰᠤ ᠶᠢ ᠪᠢᠴᠢᠭᠯᠡᠵᠦ ᠪᠠᠢ᠌ᠭ᠎ᠠ
ᠲᠦ᠋ᠩᠯᠢᠶᠤᠤ ᠬᠤᠳ᠋ᠠ ᠶᠢᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠂ ᠵᠠᠷᠤᠳ ᠬᠤᠰᠢᠭᠤᠨ ᠤ ᠰᠢᠩ ᠯᠤ ᠵᠠᠮ ᠲᠡᠭᠡᠭᠡᠪᠦᠷᠢ ᠶᠢᠨ ᠬᠢᠵᠠᠭᠠᠷᠳ᠋ᠤ ᠬᠠᠷᠢᠭᠤᠴᠠᠯᠭᠠᠳ᠋ᠤ ᠺᠤᠮᠫᠠᠨᠢ ᠶᠢᠨ ᠨᠠᠮ ᠤᠨ ᠡᠭᠦᠷ ᠤᠨ ᠱᠦ᠋ᠵᠢ᠂ ᠲᠠᠭᠠᠭᠠᠮᠠᠯ ᠯᠢᠦ ᠶᠠᠨ ᠯᠦ᠋ᠩ ᠠᠷᠠᠳ ᠤᠨ ᠲᠦ᠋ᠯᠦᠭᠡᠯᠡᠭ᠍ᠴᠢ ᠪᠤᠯᠤᠭᠰᠠᠨ ᠤ ᠬᠤᠪᠢ ᠳᠤ᠂ ᠠᠵᠤ ᠠᠬᠤᠢ ᠨᠡᠢ᠌ᠭᠡᠮ ᠤᠨ ᠬᠦᠭ᠍ᠵᠢᠯᠳ᠋ᠡ ᠶᠢᠨ ᠲᠤᠮᠤ ᠶᠡᠬᠡ ᠠᠰᠠᠭᠤᠳ᠋ᠠᠯ ᠪᠠ ᠤᠯᠠᠨ ᠲᠦ᠋ᠮᠡᠨ ᠤ ᠠᠩᠬᠠᠷᠴᠦ ᠪᠠᠢ᠌ᠭ᠎ᠠ ᠠᠷᠠᠳ ᠤᠨ ᠠᠮᠢᠳ᠋ᠤᠷᠠᠯ ᠤᠨ ᠠᠰᠠᠭᠤᠳ᠋ᠠᠯ ᠤᠨ ᠲᠤᠭᠤᠷᠢᠨ ᠳᠤ᠂ ᠭᠦᠨᠵᠡᠭᠡᠢ ᠪᠠᠢ᠌ᠴᠠᠭᠠᠨ ᠰᠤᠳ᠋ᠤᠯᠵᠤ᠂ ᠢᠳ᠋ᠡᠪᠬᠢᠳ᠋ᠠᠢ ᠪᠠᠷ ᠰᠠᠨᠠᠯ ᠵᠦ᠋ᠪᠯᠡᠯᠭᠡ ᠲᠤᠷᠠᠳ᠋ᠤᠨ ᠠᠷᠭ᠎ᠠ ᠤᠬᠠᠭᠠᠨ ᠭᠠᠷᠭᠠᠵᠤ᠂ ᠵᠠᠮ ᠬᠠᠷᠢᠯᠴᠠᠭᠠᠨ ᠤ ᠠᠵᠢᠯ ᠲᠦ᠋ᠷᠦᠯ ᠤᠨ ᠠᠷᠠᠳ ᠤᠨ ᠲᠦ᠋ᠯᠦᠭᠡᠯᠡᠭ᠍ᠴᠢ ᠶᠢᠨ ᠦᠢᠯᠡᠳ᠋ᠦᠯ ᠶᠢᠡᠨ ᠴᠢᠷᠮᠠᠢ᠌ᠨ ᠪᠠᠳ᠋ᠠᠷᠠᠭᠤᠯᠵᠤ ᠪᠠᠢ᠌ᠨ᠎ᠠ᠃

ᠲᠤᠬᠠᠢ᠌ᠯᠠᠭᠰᠠᠨ ᠠᠵᠢᠯ ᠳᠠᠭᠠᠨ ᠰᠠᠭᠤᠷᠢᠯᠡᠨ ᠠᠵᠤ ᠠᠬᠤᠢ᠌ᠯᠠᠯ ᠶᠢᠡᠨ ᠬᠦᠭ᠍ᠵᠢᠭᠦᠯᠦᠨ᠂ ᠤᠷᠤᠨ ᠪᠦᠰᠡ ᠶᠢᠨ ᠠᠵᠤ ᠠᠬᠤᠢ ᠶᠢᠨ ᠬᠦᠭ᠍ᠵᠢᠯᠳ᠋ᠡ ᠳᠤ ᠬᠦᠴᠦᠯᠡᠨ ᠴᠢᠷᠮᠠᠢ᠌ᠵᠤ ᠪᠠᠢ᠌ᠨ᠎ᠠ᠃ ᠯᠢᠦ ᠶᠠᠨ ᠯᠦ᠋ᠩ ᠤᠨ ᠺᠤᠮᠫᠠᠨᠢ ᠤᠳ᠋ᠤᠬᠠᠨ ᠳᠤ 4700 ᠲᠦ᠋ᠮᠡᠨ ᠲᠦ᠋ᠭᠦᠷᠢᠭ᠌ ᠤᠨ ᠡᠳ᠋ ᠬᠦᠷᠦᠩᠭᠡ ᠲᠡᠶ᠂ 24531 ᠲᠡᠭ᠍ᠰᠢ ᠲᠦ᠋ᠷᠪᠡᠯᠵᠢᠨ ᠮᠸᠲ᠋ᠷ ᠲᠠᠯᠠᠪᠠᠢ ᠲᠡᠶ ᠨᠠᠢ᠌ᠳ᠋ᠠ ᠶᠢᠨ ᠦᠮᠴᠢᠯᠡᠯ ᠤᠨ ᠪᠤᠰᠤ ᠠᠶᠠᠨᠴᠢᠳ ᠤᠨ ᠲᠡᠭᠡᠭᠡᠪᠦᠷᠢ ᠶᠢᠨ ᠨᠡᠷᠡᠳ᠋ᠦ ᠠᠵᠤ ᠠᠬᠤᠢ᠌ᠯᠠᠯ ᠲᠡᠶ᠂ ᠦᠪᠦᠷ ᠮᠤᠩᠭ᠋ᠤᠯ ᠤᠨ ᠦᠪᠡᠷᠳ᠋ᠡᠭᠡᠨ ᠵᠠᠰᠠᠬᠤ ᠤᠷᠤᠨ ᠤ 《ᠦᠨᠡᠨᠴᠢ ᠢᠳ᠋ᠡᠭᠡᠮᠵᠢ ᠶᠢᠨ ᠵᠢᠱᠢᠶ᠎ᠠ ᠦᠵᠡᠭᠦᠯᠬᠦ ᠨᠢᠭᠡᠴᠢ》 ᠪᠠᠷ ᠦᠨᠡᠯᠡᠭ᠍ᠳ᠋ᠡᠨ᠂ ᠲᠡᠭᠦᠨ ᠤ ᠬᠤᠪᠢ ᠬᠦᠮᠦᠨ ᠨᠢ ᠴᠦ ᠦᠪᠡᠷᠳ᠋ᠡᠭᠡᠨ ᠵᠠᠰᠠᠬᠤ ᠤᠷᠤᠨ ᠤ ᠱᠠᠳ᠋ᠤᠨ ᠤ 《ᠠᠵᠢᠯᠴᠢᠨ ᠤ ᠬᠤᠰᠢᠭᠤᠴᠢ ᠴᠤᠯᠠ》 《ᠲᠠᠪᠤᠨ ᠰᠠᠷ᠎ᠠ ᠶᠢᠨ ᠨᠢᠭᠡᠨ ᠤ ᠬᠦᠳ᠋ᠡᠯᠮᠦᠷᠢ ᠶᠢᠨ ᠱᠠᠩᠨᠠᠯ》 ᠵᠡᠷᠭᠡ ᠢᠷᠠᠭᠤ ᠠᠯᠳ᠋ᠠᠷ ᠢ ᠬᠦᠷᠳ᠋ᠡᠪᠡ᠃
ᠠᠷᠠᠳ ᠤᠨ ᠲᠦ᠋ᠯᠦᠭᠡᠯᠡᠭ᠍ᠴᠢ ᠪᠤᠯᠤᠭᠰᠠᠨ ᠤ ᠬᠤᠪᠢ ᠳᠤ᠂ ᠲᠡᠷᠡ ᠦᠪᠡᠷ ᠤᠨ ᠠᠵᠤ ᠠᠬᠤᠢ᠌ᠯᠠᠯ ᠤᠨ ᠲᠠᠯ᠎ᠠ ᠪᠠᠷ ᠠᠮᠵᠢᠯᠳ᠋ᠡ ᠤᠯᠬᠤ ᠶᠢᠨ ᠬᠠᠮᠳ᠋ᠤ ᠨᠡᠢ᠌ᠭᠡᠮ᠂ ᠤᠯᠠᠨ ᠲᠦ᠋ᠮᠡᠨ ᠢ ᠬᠢᠵᠢᠶᠡᠳ᠋ᠡ ᠮᠠᠷᠳ᠋ᠠᠭᠠ ᠦᠭᠡᠶ ᠶᠤᠮ᠃ ᠤᠯᠠᠨ ᠵᠢᠯ ᠤᠨ ᠲᠤᠷᠰᠢ᠂ ᠡᠯ᠎ᠠ ᠵᠦ᠋ᠢᠯ ᠤᠨ ᠨᠡᠢ᠌ᠳ᠋ᠡ ᠶᠢᠨ ᠠᠰᠠᠷᠠᠮᠵᠢ ᠶᠢᠨ ᠦᠢᠯᠡᠰ ᠲᠤ ᠢᠳ᠋ᠡᠪᠬᠢᠳ᠋ᠠᠢ ᠤᠷᠤᠯᠴᠡᠨ᠂ ᠶᠠᠳ᠋ᠠᠭᠤ ᠶᠢ ᠲᠡᠳᠭᠦᠨ ᠬᠦᠴᠢᠷᠳ᠋ᠡᠯᠳ᠋ᠠᠢ ᠶᠢ ᠲᠤᠰᠠᠯᠠᠬᠤ᠂ ᠵᠤᠭᠤᠰ ᠬᠠᠨᠳ᠋ᠢᠪᠯᠡᠨ ᠰᠤᠷᠤᠯᠭ᠎ᠠ ᠲᠡᠳᠭᠦᠬᠦ ᠵᠡᠷᠭᠡ ᠲᠠᠯ᠎ᠠ ᠪᠠᠷ 100 ᠭᠠᠷᠤᠢ ᠲᠦ᠋ᠮᠡᠨ ᠲᠦ᠋ᠭᠦᠷᠢᠭ᠌ ᠤᠨ ᠦᠷᠳ᠋ᠡᠭ᠌ ᠲᠡᠶ ᠡᠳ᠋ ᠮᠦ᠋ᠩᠭᠦ ᠬᠠᠨᠳ᠋ᠢᠪᠯᠠᠪᠠ᠃ ᠡᠭᠦᠨ ᠤ ᠬᠠᠮᠳ᠋ᠤ ᠯᠦ᠋ᠪᠸᠢ ᠪᠠᠯᠭᠠᠰᠤᠨ ᠳ᠋ᠡᠬᠢ ᠪᠦᠬᠦᠯᠢ 65 ᠨᠠᠰᠤᠨ ᠡᠴᠡ ᠲᠡᠭᠡᠭ᠍ᠰᠢᠬᠢ ᠨᠠᠰᠤᠳ᠋ᠠᠢ᠌ᠴᠤᠳ᠂ ᠵᠡᠮᠳ᠋ᠡᠭ᠍ᠴᠤᠳ᠂ ᠵᠢᠷᠮᠤᠰᠤᠨ ᠡᠮᠡᠭ᠍ᠳ᠋ᠡᠢ᠌ᠴᠤᠳ ᠲᠤ ᠰᠦ᠋ᠢᠳᠭᠡᠯ ᠬᠤᠷᠢᠶᠠᠬᠤ ᠦᠭᠡᠶ ᠪᠠᠷ ᠨᠠᠢ᠌ᠳ᠋ᠡ ᠶᠢᠨ ᠮᠠᠰᠢᠨ ᠲᠡᠷᠭᠡᠨ ᠳ᠋ᠥ ᠰᠠᠭᠤᠬᠤ ᠵᠡᠷᠭᠡ 《ᠠᠷᠪᠠ ᠶᠢ ᠬᠡᠯᠳ᠋ᠦᠷᠢᠭᠦᠯᠬᠦ》 ᠪᠠ ᠠᠷᠠᠳ ᠤᠨ ᠪᠠᠭᠰᠢ᠂ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠲᠡᠷᠭᠡᠨ ᠳᠤ ᠰᠠᠭᠤᠬᠤ ᠬᠠᠷᠠᠭᠠᠯᠵᠠᠯ ᠦᠵᠡᠭᠦᠯᠦᠨ᠂ ᠯᠦ᠋ᠪᠸᠢ ᠪᠠᠯᠭᠠᠰᠤᠨ ᠤ ᠰᠠᠭᠤᠭᠠᠯᠢ ᠠᠷᠠᠳ ᠲᠤ ᠰᠠᠷ᠎ᠠ ᠪᠦᠷᠢ ᠲᠤᠮᠳ᠋ᠠᠴᠢ ᠪᠠᠷ 7 ᠲᠦ᠋ᠮᠡ ᠭᠠᠷᠤᠢ ᠲᠦ᠋ᠭᠦᠷᠢᠭ᠌ ᠵᠤᠭᠤᠰ ᠠᠷᠪᠢᠯᠠᠵᠤ ᠦᠭ᠍ᠴᠠᠢ᠃ ᠵᠢᠯ ᠪᠦᠷᠢ ᠶᠢᠨ ᠶᠡᠬᠡ ᠲᠡᠭᠡᠳ᠋ᠦ ᠰᠤᠷᠭᠠᠭᠤᠯᠢ ᠳᠤ ᠰᠤᠷᠤᠭᠴᠢ ᠡᠯᠰᠡᠬᠦ ᠨᠢᠭᠡᠳ᠋ᠦᠯᠳ᠋ᠠᠢ ᠰᠢᠯᠭᠠᠯᠳ᠋ᠠ ᠶᠢᠨ ᠬᠤᠭᠤᠴᠠᠭᠠᠨ ᠳᠤ᠂ ᠯᠢᠦ ᠶᠠᠨ ᠯᠦ᠋ᠩ ᠲᠡᠷᠡ ᠲᠠᠷᠤᠢ ᠳ᠋ᠤᠨᠢ ᠠᠵᠤ ᠠᠬᠤᠢ᠌ᠯᠠᠯ ᠤᠨ ᠠᠵᠢᠯᠳ᠋ᠡᠨ ᠢ ᠵᠤᠬᠢᠶᠠᠨ ᠪᠠᠢ᠌ᠭᠤᠯᠵᠤ᠂ ᠦᠨ᠎ᠠ ᠲᠦ᠋ᠯᠦᠪᠦᠷᠢ ᠦᠭᠡᠶ ᠪᠠᠷ ᠰᠢᠯᠭᠠᠯᠳ᠋ᠠ ᠳᠤ ᠤᠷᠤᠯᠴᠠᠬᠤ ᠰᠤᠷᠤᠭᠴᠢ ᠶᠢ ᠬᠦᠷᠭᠡᠬᠦ ᠨᠡᠢ᠌ᠳ᠋ᠡ ᠶᠢᠨ ᠠᠰᠠᠷᠠᠮᠵᠢ ᠶᠢᠨ ᠬᠠᠢ᠌ᠷ᠎ᠠ ᠬᠠᠯᠠᠮᠵᠢ ᠶᠢᠨ ᠠᠵᠢᠯᠯᠠᠭ᠎ᠠ ᠦᠷᠨᠢᠭᠦᠯᠪᠡ᠃ ᠭᠤᠷᠪᠠᠨ ᠵᠢᠯ ᠲᠠᠷᠠᠭᠠᠯᠠᠨ ᠴᠢᠨᠳ᠋ᠠᠮᠤᠨᠢ ᠰᠤᠮᠤ ᠶᠢᠨ ᠶᠠᠳ᠋ᠠᠭᠤ ᠬᠦᠴᠢᠷᠳ᠋ᠡᠯᠳ᠋ᠠᠢ ᠭᠤᠷᠪᠠᠨ ᠰᠤᠷᠤᠭᠴᠢ ᠶᠢ ᠲᠠᠭᠠᠭᠠᠴᠢᠯᠡᠨ ᠬᠠᠷᠢᠯᠴᠡᠵᠦ᠂ ᠤᠳ᠋ᠤᠬᠠᠨ ᠳᠤ ᠨᠢᠭᠡᠨᠳ᠋ᠡ 3.6 ᠲᠦ᠋ᠮᠡᠨ ᠲᠦ᠋ᠭᠦᠷᠢᠭ᠌ ᠤᠨ ᠪᠡᠯᠡ ᠮᠦ᠋ᠩᠭᠦ ᠵᠢᠴᠢ ᠪᠤᠳ᠋ᠠᠭ᠎ᠠ᠂ ᠭᠤᠯᠢᠷ᠂ ᠲᠤᠰᠤ ᠵᠡᠷᠭᠡ ᠠᠮᠢᠳ᠋ᠤᠷᠠᠯ ᠤᠨ ᠡᠳ᠋ ᠪᠤᠳ᠋ᠠᠰ ᠶᠢᠡᠷ ᠲᠤᠰᠠᠯᠠᠪᠠ᠃
ᠯᠢᠦ ᠶᠠᠨ ᠯᠦ᠋ᠩ ᠮᠠᠯᠵᠢᠬᠤ ᠲᠠᠷᠢᠶᠠᠯᠠᠬᠤ ᠤᠷᠤᠨ ᠳ᠋ᠥ ᠦᠷᠭᠦᠯᠵᠢ ᠭᠦᠨᠵᠡᠭᠡᠢ᠌ᠷᠡᠨ ᠪᠠᠢ᠌ᠴᠠᠭᠠᠨ ᠰᠤᠳ᠋ᠤᠯᠵᠤ᠂ ᠠᠷᠠᠳ ᠤᠨ ᠪᠠᠢ᠌ᠳ᠋ᠠᠯ ᠠᠷᠠᠳ ᠤᠨ ᠰᠠᠨᠠᠭ᠎ᠠ ᠶᠢ ᠤᠢ᠌ᠯᠠᠭᠠᠵᠤ᠂ ᠴᠢᠨᠳ᠋ᠠᠮᠤᠨᠢ ᠰᠤᠮᠤ ᠶᠢᠨ ᠤᠷᠤᠨ ᠪᠠᠢ᠌ᠷᠢᠰᠢᠯ ᠪᠤᠢ᠌ᠳ᠋ᠠ ᠪᠦᠭᠯᠡᠭᠦᠦ᠂ ᠵᠠᠮ ᠬᠠᠷᠢᠯᠴᠠᠭ᠎ᠠ ᠲᠦ᠋ᠭᠦᠮ ᠲᠦ᠋ᠳ᠋ᠡ ᠦᠭᠡᠶ ᠪᠠᠢ᠌ᠳ᠋ᠠᠯ ᠢ ᠮᠡᠳ᠋ᠡᠭ᠍ᠰᠡᠨ ᠤ ᠲᠠᠷᠠᠭ᠎ᠠ᠂ ᠲᠡᠷᠡ ᠠᠵᠤ ᠠᠬᠤᠢ᠌ᠯᠠᠯ ᠤᠨ ᠲᠤᠳ᠋ᠤᠭᠠᠳ᠋ᠤ ᠳᠠᠭᠠᠨ ᠬᠤᠷᠠᠯ ᠬᠢᠵᠦ ᠠᠷᠭᠠᠴᠠᠬᠤ ᠠᠷᠭ᠎ᠠ ᠪᠤᠳ᠋ᠤᠯᠭ᠎ᠠ ᠶᠡᠷᠢᠯᠴᠡᠨ᠂ ᠵᠠᠰᠠᠭ ᠤᠨ ᠤᠷᠳ᠋ᠤᠨ ᠲᠡᠶ ᠬᠠᠮᠵᠢᠯᠴᠡᠨ ᠲᠡᠷᠬᠡ ᠬᠦᠰᠭᠡ ᠲᠤᠬᠢᠷᠠᠭᠤᠯᠤᠨ ᠲᠡᠭᠡᠭᠡᠪᠦᠷᠢ ᠶᠢᠨ ᠬᠦᠴᠦᠨ ᠢ ᠵᠤᠬᠢᠶᠠᠨ ᠪᠠᠢ᠌ᠭᠤᠯᠵᠤ᠂ ᠭᠤᠤᠯ ᠵᠠᠮ ᠱᠤᠭᠤᠮ ᠤᠨ ᠨᠡᠢ᠌ᠳ᠋ᠡ ᠶᠢᠨ ᠵᠠᠮ ᠬᠠᠷᠢᠯᠴᠠᠭᠠᠨ ᠤ ᠦᠷᠳ᠋ᠡᠭᠡ ᠴᠡᠭ᠌ ᠪᠠ ᠴᠢᠨᠳ᠋ᠠᠮᠤᠨᠢ ᠰᠤᠮᠤ᠂ ᠬᠤᠩᠬᠠᠳ᠋ᠤ ᠠᠭᠤᠯᠠ ᠶᠢᠨ ᠭᠠᠯᠳ᠋ᠤ ᠲᠡᠷᠭᠡᠨ ᠦᠷᠳ᠋ᠡᠭᠡ ᠲᠠᠭᠠᠦ ᠬᠤᠶᠠᠷ ᠰᠢᠶᠠᠩ ᠪᠠᠯᠭᠠᠰᠤᠨ ᠤ 9 ᠠᠢ᠌ᠯ ᠲᠤᠰᠬᠤᠨ ᠢ ᠬᠤᠯᠪᠤᠨ 4 ᠰᠢᠨ᠎ᠠ ᠡᠨᠧᠷᠭᠢ ᠶᠢᠨ ᠴᠠᠬᠢᠯᠭᠠᠨ ᠬᠦᠳ᠋ᠡᠯᠭᠡᠭᠦᠷᠳ᠋ᠦ ᠲᠡᠷᠭᠡ ᠶᠢ ᠡᠵᠡᠩᠨᠡᠯᠳ᠋ᠡ ᠳᠤ ᠤᠷᠤᠭᠤᠯᠤᠭᠰᠠᠨ ᠪᠦᠭᠡᠳ ᠰᠢᠶᠠᠩ ᠪᠠᠯᠭᠠᠰᠤᠨ ᠤ ᠨᠡᠢ᠌ᠳ᠋ᠡ ᠶᠢᠨ ᠮᠠᠰᠢᠨ ᠲᠡᠷᠭᠡ ᠶᠢ 21 ᠵᠤᠷᠪᠤᠰ᠂ ᠨᠡᠢ᠌ᠳ᠋ᠡ ᠶᠢᠨ ᠵᠠᠮ ᠬᠠᠷᠢᠯᠴᠠᠭᠠᠨ ᠤ ᠱᠤᠭᠤᠮ ᠤᠨ ᠡᠵᠡᠩᠨᠡᠯᠳ᠋ᠡ ᠶᠢᠨ ᠶᠡᠷᠦᠩᠬᠡᠢ ᠤᠷᠳ᠋ᠤ ᠶᠢ 828 ᠺᠢᠯᠤᠮᠸᠲ᠋ᠷ ᠨᠡᠪᠳ᠋ᠡᠷᠡᠭᠦᠯᠪᠡ᠃ ᠡᠷᠭᠢᠨ ᠲᠤᠭᠤᠷᠢᠨ ᠤ 11 ᠰᠤᠮᠤ ᠪᠠᠯᠭᠠᠰᠤ ᠲᠠᠯᠠᠪᠠᠢ ᠶᠢᠨ 67 ᠭᠠᠴᠠᠭ᠎ᠠ ᠲᠤᠰᠬᠤᠨ ᠳᠤ ᠨᠡᠢ᠌ᠳ᠋ᠡ ᠶᠢᠨ ᠮᠠᠰᠢᠨ ᠲᠡᠷᠭᠡ ᠨᠡᠪᠳ᠋ᠡᠷᠡᠵᠦ᠂ ᠪᠦᠬᠦ ᠵᠢᠯ ᠳᠤ ᠠᠶᠠᠨᠴᠢᠳ ᠢ 868 ᠲᠦ᠋ᠮᠡᠨ ᠬᠦᠮᠦᠨ ᠤᠳ᠋ᠠᠭ᠎ᠠ ᠬᠦᠷᠭᠡᠪᠡ᠃
2016 ᠤᠨ ᠡᠴᠡ ᠨᠠᠭᠠᠰᠢ᠂ ᠤᠷᠢᠳ ᠬᠤᠵᠢᠳ 2000 ᠭᠠᠷᠤᠢ ᠲᠦ᠋ᠮᠡᠨ ᠲᠦ᠋ᠭᠦᠷᠢᠭ᠌ ᠤᠨ ᠪᠡᠯᠡ ᠤᠷᠤᠭᠤᠯᠵᠤ᠂ ᠰᠢᠨ᠎ᠠ ᠡᠨᠸᠷᠬᠢ ᠶᠢᠨ ᠨᠡᠢ᠌ᠳ᠋ᠡ ᠶᠢᠨ ᠮᠠᠰᠢᠨ ᠲᠡᠷᠭᠡ ᠶᠢ 84 ᠰᠤᠯᠢᠨ᠂ ᠬᠦᠳ᠋ᠡᠭᠡ ᠲᠤᠰᠬᠤᠨ ᠤ ᠠᠶᠠᠨᠴᠢᠳ ᠤᠨ ᠲᠡᠭᠡᠭᠡᠪᠦᠷᠢ ᠶᠢᠨ ᠡᠭᠡᠯᠵᠢ ᠶᠢᠨ ᠱᠤᠭᠤᠮ ᠢ 10 ᠵᠤᠷᠪᠤᠰ ᠦᠭᠡᠷᠡᠴᠢᠯᠡᠵᠦ᠂ 660 ᠲᠦ᠋ᠮᠡᠨ ᠲᠦ᠋ᠭᠦᠷᠢᠭ᠌ ᠵᠠᠷᠤᠴᠠᠭᠤᠯᠤᠨ ᠵᠠᠷᠤᠳ ᠬᠤᠰᠢᠭᠤᠨ ᠤ ᠨᠡᠢ᠌ᠳ᠋ᠡ ᠶᠢᠨ ᠮᠠᠰᠢᠨ ᠲᠡᠷᠭᠡ ᠶᠢᠨ ᠦᠷᠳ᠋ᠡᠭᠡ ᠶᠢ ᠪᠦᠳ᠋ᠦᠭᠡᠨ ᠪᠠᠢ᠌ᠭᠤᠯᠵᠤ᠂ 2 ᠲᠦ᠋ᠮᠡ ᠭᠠᠷᠤᠢ ᠲᠡᠭ᠍ᠰᠢ ᠲᠦ᠋ᠷᠪᠡᠯᠵᠢᠨ ᠮᠸᠲ᠋ᠷ ᠭᠠᠵᠠᠷ ᠡᠵᠡᠯᠡᠨ᠂ 39 ᠴᠠᠬᠢᠯᠭᠠᠨ ᠴᠡᠨᠡᠭᠯᠡᠬᠦ ᠱᠤᠩ ᠢ ᠰᠤᠯᠢᠵᠤ᠂ ᠪᠦᠬᠦ ᠬᠤᠰᠢᠭᠤᠨ ᠤ ᠬᠤᠳ᠋ᠠ ᠬᠦᠳ᠋ᠡᠭᠡ ᠶᠢᠨ ᠨᠡᠢ᠌ᠳ᠋ᠡ ᠶᠢᠨ ᠮᠠᠰᠢᠨ ᠲᠡᠷᠭᠡᠨ ᠤ 156 ᠦᠷᠳ᠋ᠡᠭᠡᠨ ᠤ ᠫᠠᠢ᠌ᠰᠠ ᠶᠢ ᠰᠢᠨᠡᠳᠭᠡᠨ ᠦᠭᠡᠷᠡᠴᠢᠯᠡᠵᠦ᠂ ᠯᠦ᠋ᠪᠸᠢ ᠪᠠᠯᠭᠠᠰᠤᠨ ᠳᠤ ᠰᠢᠨ᠎ᠠ ᠡᠨᠸᠷᠬᠢ ᠶᠢᠨ ᠨᠡᠢ᠌ᠳ᠋ᠡ ᠶᠢᠨ ᠮᠠᠰᠢᠨ ᠲᠡᠷᠭᠡᠨ ᠤ ᠡᠵᠡᠯᠡᠬᠦ ᠬᠠᠷᠢᠴᠡᠯ ᠢ 85% ᠳᠤ ᠬᠦᠷᠭᠡᠪᠡ᠃
《ᠠᠷᠠᠳ ᠤᠨ ᠲᠦ᠋ᠯᠦᠭᠡᠯᠡᠭ᠍ᠴᠢ ᠠᠷᠠᠳ ᠤᠨ ᠲᠤᠮᠳ᠋ᠠ ᠡᠴᠡ ᠢᠷᠡᠵᠦ᠂ ᠤᠯᠠᠨ ᠲᠦ᠋ᠮᠡᠨ ᠤ ᠬᠦᠰᠡᠯ ᠱᠠᠭᠠᠷᠳ᠋ᠠᠯᠭ᠎ᠠ ᠶᠢ ᠢᠳ᠋ᠡᠪᠬᠢᠳ᠋ᠠᠢ ᠰᠤᠨᠤᠰᠴᠦ ᠲᠤᠰᠬᠠᠬᠤ ᠪᠠᠷ ᠪᠠᠷᠠᠬᠤ ᠦᠭᠡᠶ ᠪᠠᠰᠠ ᠨᠠᠮ ᠪᠤᠯᠤᠨ ᠤᠯᠤᠰ ᠤᠨ ᠰᠢ᠌ᠳᠪᠦᠷᠢᠳ᠋ᠦ ᠪᠤᠳ᠋ᠤᠯᠭ᠎ᠠ ᠪᠠᠢ᠌ᠷᠢᠯᠠᠭᠤᠯᠤᠯᠳ᠋ᠠ ᠶᠢ ᠴᠠᠭ ᠲᠤᠬᠠᠢ ᠳ᠋ᠤᠨᠢ ᠠᠷᠠᠳ ᠤᠯᠠᠨ ᠤ ᠲᠤᠮᠳ᠋ᠠ ᠲᠠᠮᠵᠢᠭᠤᠯᠤᠨ᠂ ᠤᠯᠠᠨ ᠲᠦ᠋ᠮᠡᠨ ᠪᠤᠯᠤᠨ ᠨᠠᠮ ᠵᠠᠰᠠᠭ ᠤᠨ ᠬᠤᠭᠤᠷᠤᠨᠳ᠋ᠤᠬᠢ 〈ᠰᠡᠳᠭᠢᠯ ᠤᠨ ᠬᠦᠭᠦᠷᠭᠡ〉 ᠶᠢ ᠰᠠᠢ᠌ᠳ᠋ᠤᠷ ᠪᠠᠢ᠌ᠭᠤᠯᠬᠤ ᠬᠡᠷᠡᠭ᠍ᠳ᠋ᠠᠢ》 ᠭᠡᠵᠦ ᠯᠢᠦ ᠶᠠᠨ ᠯᠦ᠋ᠩ ᠬᠡᠯᠡᠪᠡ᠃ ᠯᠢᠦ ᠶᠠᠨ ᠯᠦ᠋ᠩ ᠵᠤᠷᠢᠭᠳ᠋ᠠᠢ ᠪᠠᠷ ᠤᠷᠤᠭᠰᠢᠯᠠᠨ ᠲᠠᠪᠰᠢᠵᠤ᠂ ᠵᠠᠮ ᠨᠡᠭᠡᠭᠡᠨ ᠰᠢᠨ᠎ᠠ ᠶᠢ ᠡᠭᠦᠳᠴᠦ᠂ ᠬᠦᠨᠳ᠋ᠦ ᠨᠠᠢ᠌ᠳ᠋ᠠᠯᠭ᠎ᠠ ᠶᠢ ᠬᠦᠰᠡᠷᠳ᠋ᠡᠭᠦᠯᠬᠦ ᠦᠭᠡᠶ ᠪᠠᠷ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠨ᠂ᠠᠷᠠᠳ ᠲᠦ᠋ᠮᠡᠨ ᠳᠤ ᠦᠢᠯᠡᠴᠢᠯᠡᠬᠦ ᠰᠢᠨ᠎ᠠ ᠬᠠᠭᠤᠳ᠋ᠠᠰᠤ ᠶᠢ ᠶᠠᠭ ᠪᠢᠴᠢᠭᠯᠡᠵᠦ ᠪᠠᠢ᠌ᠨ᠎ᠠ᠃ (ᠨᠠᠢ᠌ᠷᠠᠭᠤᠯᠤᠭᠴᠢ᠄ ᠯᠸᠢ ᠫᠠᠩ)