ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠲᠦ᠋ᠷᠪᠡᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢ ᠶᠢ ᠵᠤᠬᠢᠶᠠᠨ ᠪᠠᠢ᠌ᠭᠤᠯᠵᠤ 2022 ᠤᠨ ᠤ ᠠᠷᠠᠳ ᠤᠨ ᠠᠮᠢᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢᠯ ᠢ ᠪᠢᠯᠸᠲ ᠦᠭ᠍ᠴᠦ ᠪᠠᠳ᠋ᠤᠯᠠᠬᠤ ᠲᠦ᠋ᠷᠦᠯ ᠵᠦ᠋ᠢᠯ ᠢ ᠲᠤᠭᠤᠷᠢᠨ ᠪᠠᠢ᠌ᠴᠠᠭᠠᠪᠠ

9 ᠰᠠᠷ᠎ᠠ ᠶᠢᠨ 22 ᠤ ᠡᠳ᠋ᠦᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠤᠷᠤᠨ᠂ ᠬᠤᠳ᠋ᠠ᠂ ᠬᠤᠰᠢᠭᠤ᠂ ᠪᠠᠯᠭᠠᠰᠤ ᠲᠦ᠋ᠷᠪᠡᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢ ᠶᠢ ᠵᠤᠬᠢᠶᠠᠨ ᠪᠠᠢ᠌ᠭᠤᠯᠵᠤ 2022 ᠤᠨ ᠤ ᠠᠷᠠᠳ ᠤᠨ ᠠᠮᠢᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢᠯ ᠢ ᠪᠢᠯᠸᠲ ᠦᠭ᠍ᠴᠦ ᠪᠠᠳ᠋ᠤᠯᠠᠬᠤ ᠲᠦ᠋ᠷᠦᠯ ᠵᠦ᠋ᠢᠯ ᠢ ᠲᠤᠭᠤᠷᠢᠨ ᠪᠠᠢ᠌ᠴᠠᠭᠠᠪᠠ᠃ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠢ᠌ᠶᠠᠨ ᠤ ᠡᠷᠬᠢᠯᠡᠭ᠍ᠴᠢ ᠡᠦ ᠴᠢᠩ ᠬᠠᠢ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠪᠤᠤ ᠯᠦ᠋ᠩ᠂ ᠵᠠᠩ ᠶᠦ᠋ᠩ ᠴᠢᠶᠠᠩ᠂ ᠵᠠᠩ ᠴᠦ᠋ᠨ ᠡᠾᠦ᠋ᠢ ᠲᠤᠭᠤᠷᠢᠨ ᠪᠠᠢ᠌ᠴᠠᠭᠠᠬᠤ ᠠᠵᠢᠯᠯᠠᠭ᠎ᠠ ᠳᠤ ᠤᠷᠤᠯᠴᠠᠪᠠ᠃ ᠬᠤᠰᠢᠭᠤᠨ ᠤ ᠠᠷᠠᠳ ᠤᠨ ᠵᠠᠰᠠᠭ ᠤᠨ ᠤᠷᠳ᠋ᠤᠨ ᠤ ᠬᠤᠰᠢᠭᠤᠨ ᠲᠡᠳ᠋ ᠲᠠᠷᠤᠭ᠎ᠠ ᠳ᠋ᠢᠩ ᡁᠢ ᠭᠠᠩ ᠵᠢᠴᠢ ᠬᠤᠰᠢᠭᠤᠨ ᠤ ᠬᠠᠮᠢᠶ᠎ᠠ ᠪᠦᠬᠦᠢ ᠰᠠᠯᠠᠭ᠎ᠠ ᠮᠦ᠋ᠴᠢᠷ ᠤᠨ ᠬᠠᠷᠢᠭᠤᠴᠠᠯᠭᠠᠳ᠋ᠠᠨ ᠪᠠᠷ᠎ᠠ ᠪᠤᠯᠪᠠ᠃
ᠲᠤᠭᠤᠷᠢᠨ ᠪᠠᠢ᠌ᠴᠠᠭᠠᠬᠤ ᠲᠤᠭᠤᠢ᠌ᠯᠠᠩ ᠵᠠᠷᠤᠳ ᠬᠤᠰᠢᠭᠤᠨ ᠤ ᠬᠠᠭᠤᠴᠢᠨ ᠰᠠᠭᠤᠭᠠᠯᠢ ᠠᠷᠠᠳ ᠤᠨ ᠲᠤᠭᠤᠷᠢᠭ ᠢ ᠦᠭᠡᠷᠡᠴᠢᠯᠡᠨ ᠵᠠᠰᠠᠬᠤ ᠢᠨᠵᠢᠨᠧᠷᠢᠩ᠂ ᠵᠠᠷᠤᠳ ᠬᠤᠰᠢᠭᠤᠨ ᠤ ᠨᠢᠭᠡᠳ᠋ᠦᠭᠡᠷ ᠲᠤᠮᠳ᠋ᠠᠳ᠋ᠤ ᠰᠤᠷᠭᠠᠭᠤᠯᠢ ᠶᠢᠨ ᠡᠭᠦᠳ᠋ᠡᠨ ᠡᠮᠦᠨ᠎ᠠ ᠡᠴᠡ ᠰᠢᠶᠠᠩᠱᠠᠨ ᠵᠡᠭᠡᠯᠢ ᠬᠦᠷᠬᠦ ᠤᠰᠤ ᠭᠠᠳ᠋ᠠᠭᠰᠢᠯᠠᠭᠤᠯᠬᠤ ᠬᠤᠭᠤᠯᠠᠢ ᠲᠤᠤᠷ ᠢ ᠦᠭᠡᠷᠡᠴᠢᠯᠡᠨ ᠵᠠᠰᠠᠬᠤ ᠢᠨᠵᠢᠨᠧᠷᠢᠩ ᠵᠡᠷᠭᠡ ᠵᠠᠷᠤᠳ ᠬᠤᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠨᠢᠭᠡᠳ᠋ᠦᠭᠡᠷ ᠬᠤᠷᠠᠯ ᠶᠢᠡᠷ ᠪᠢᠯᠸᠲ ᠦᠭ᠍ᠴᠦ ᠪᠠᠳ᠋ᠤᠯᠠᠭᠰᠠᠨ 2022 ᠤᠨ ᠤ ᠵᠠᠷᠤᠳ ᠬᠤᠰᠢᠭᠤᠨ ᠤ ᠠᠷᠠᠳ ᠤᠨ ᠵᠠᠰᠠᠭ ᠤᠨ ᠤᠷᠳ᠋ᠤᠨ ᠤ ᠠᠷᠠᠳ ᠤᠨ ᠠᠮᠢᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢᠯ ᠢ ᠠᠬᠢᠭᠤᠯᠤᠭᠰᠠᠨ ᠪᠠᠢ᠌ᠳ᠋ᠠᠯ ᠢ ᠲᠤᠬᠠᠢ ᠶᠢᠨ ᠲᠠᠯᠠᠪᠤᠷ ᠲᠤᠨᠢ ᠪᠠᠢ᠌ᠴᠠᠭᠠᠨ ᠦᠵᠡᠪᠡ᠃
ᠲᠤᠬᠠᠢ ᠶᠢᠨ ᠲᠠᠯᠠᠪᠤᠷ ᠢ ᠲᠤᠭᠤᠷᠢᠨ ᠪᠠᠢ᠌ᠴᠠᠭᠠᠵᠤ ᠲᠠᠭᠤᠰᠤᠭᠰᠠᠨ ᠤ ᠲᠠᠷᠠᠭ᠎ᠠ ᠰᠠᠭᠤᠳ᠋ᠠᠯ ᠤᠨ ᠬᠤᠷᠠᠯ ᠤᠨ ᠬᠤᠷᠠᠯᠳ᠋ᠤᠭᠤᠯᠤᠨ᠂ ᠬᠤᠰᠢᠭᠤᠨ ᠤ ᠠᠷᠠᠳ ᠤᠨ ᠵᠠᠰᠠᠭ ᠤᠨ ᠤᠷᠳ᠋ᠤᠨ ᠤ ᠬᠤᠰᠢᠭᠤᠨ ᠲᠡᠳ᠋ ᠲᠠᠷᠤᠭ᠎ᠠ ᠳ᠋ᠢᠩ ᡁᠢ ᠭᠠᠩ ᠬᠤᠰᠢᠭᠤᠨ ᠤ ᠠᠷᠠᠳ ᠤᠨ ᠵᠠᠰᠠᠭ ᠤᠨ ᠤᠷᠳ᠋ᠤᠨ ᠢ ᠲᠦ᠋ᠯᠦᠭᠡᠯᠡᠨ 2022 ᠤᠨ ᠤ ᠠᠷᠠᠳ ᠤᠨ ᠠᠮᠢᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢᠯ ᠤᠨ ᠠᠬᠢᠴᠠ ᠶᠢᠨ ᠪᠠᠢ᠌ᠳ᠋ᠠᠯ ᠢ ᠬᠠᠷᠢᠭᠤ ᠮᠡᠳ᠋ᠡᠭᠦᠯᠪᠡ᠃
ᠬᠤᠷᠠᠯ ᠳᠤ ᠤᠷᠤᠯᠴᠠᠭᠰᠡᠨ ᠲᠦ᠋ᠯᠦᠭᠡᠯᠡᠭ᠍ᠴᠢᠳ ᠬᠤᠰᠢᠭᠤᠨ ᠤ ᠠᠷᠠᠳ ᠤᠨ ᠵᠠᠰᠠᠭ ᠤᠨ ᠤᠷᠳ᠋ᠤᠨ ᠤ 2022 ᠤᠨ ᠤ ᠠᠷᠠᠳ ᠤᠨ ᠠᠮᠢᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢᠯ ᠢ ᠬᠡᠷᠡᠭ᠍ᠵᠢᠭᠦᠯᠦᠭ᠍ᠰᠡᠨ ᠪᠠᠢ᠌ᠳ᠋ᠠᠯ ᠳᠤ ᠰᠠᠨᠠᠯ ᠰᠠᠨᠠᠭᠤᠯᠭ᠎ᠠ ᠲᠤᠷᠠᠳᠪᠠ᠃
ᠡᠦ ᠴᠢᠩ ᠬᠠᠢ ᠡᠴᠡ᠂ ᠠᠷᠠᠳ ᠤᠨ ᠠᠮᠢᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢᠯ ᠪᠤᠯ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠲᠡᠭᠡᠷ᠎ᠠ ᠬᠤᠷᠠᠯ ᠳᠤ ᠤᠷᠤᠯᠴᠠᠭᠰᠠᠨ ᠪᠦᠬᠦ ᠲᠦ᠋ᠯᠦᠭᠡᠯᠡᠭ᠍ᠴᠢᠳ ᠡᠴᠡ ᠪᠢᠯᠸᠲ ᠦᠭ᠍ᠴᠦ ᠪᠠᠳ᠋ᠤᠯᠠᠭᠰᠠᠨ᠂ ᠨᠡᠢ᠌ᠭᠡᠮ ᠤᠨ ᠠᠩᠬᠠᠷᠤᠯ ᠤᠨ ᠬᠡᠮᠵᠢᠶ᠎ᠠ ᠪᠠᠷ ᠦᠨᠳ᠋ᠦᠷ᠂ ᠠᠷᠠᠳ ᠤᠯᠠᠨ ᠤ ᠲᠤᠯᠭᠠᠮ᠎ᠠ ᠬᠦᠰᠡᠵᠦ ᠪᠠᠢ᠌ᠭ᠎ᠠ ᠠᠷᠠᠳ ᠤᠨ ᠰᠡᠳᠭᠢᠯ ᠤᠨ ᠢᠨᠵᠢᠨᠧᠷᠢᠩ ᠪᠠᠢ᠌ᠵᠤ᠂ ᠪᠦᠬᠦ ᠬᠤᠰᠢᠭᠤᠨ ᠤ ᠦᠷᠭᠡᠨ ᠤᠯᠠᠨ ᠠᠷᠠᠳ ᠲᠦ᠋ᠮᠡᠨ ᠤ ᠬᠤᠪᠢ ᠪᠡᠶ᠎ᠠ ᠶᠢᠨ ᠠᠰᠢᠭ ᠲᠤᠰᠠ ᠲᠡᠶ ᠬᠤᠯᠪᠤᠭᠳ᠋ᠠᠵᠤ ᠪᠠᠢ᠌ᠳ᠋ᠠᠭ᠃ ᠬᠤᠰᠢᠭᠤᠨ ᠤ ᠠᠷᠠᠳ ᠤᠨ ᠵᠠᠰᠠᠭ ᠤᠨ ᠤᠷᠳ᠋ᠤᠨ ᠪᠤᠯᠤᠨ ᠡᠯ᠎ᠠ ᠬᠠᠮᠢᠶ᠎ᠠ ᠪᠦᠬᠦᠢ ᠬᠠᠷᠢᠭᠤᠴᠠᠯᠭᠠᠳ᠋ᠤ ᠰᠠᠯᠠᠭ᠎ᠠ ᠮᠦ᠋ᠴᠢᠷ ᠤᠨ ᠬᠢᠨ ᠲᠡᠭᠡᠳ᠋ᠦ ᠬᠡᠮᠵᠢᠶ᠎ᠠ ᠪᠠᠷ ᠴᠢᠬᠤᠯᠠᠴᠢᠯᠡᠨ ᠦᠵᠡᠵᠦ᠂ ᠬᠠᠷᠢᠭᠤᠴᠠᠯᠭ᠎ᠠ ᠪᠠᠨ ᠤᠯᠠᠮ ᠨᠢᠭᠡ ᠠᠯᠬᠤᠮ ᠪᠤᠳ᠋ᠠᠳ᠋ᠠᠢ᠌ᠵᠢᠭᠤᠯᠤᠨ᠂ ᠬᠦᠮᠦᠨ ᠤ ᠬᠦᠴᠦᠨ᠂ ᠪᠤᠳ᠋ᠠᠰ ᠤᠨ ᠬᠦᠴᠦᠨ ᠪᠤᠯᠤᠨ ᠡᠳ᠋ ᠤᠨ ᠬᠦᠴᠦᠨ ᠵᠡᠷᠭᠡ ᠪᠦᠳ᠋ᠦᠮᠵᠢᠳ᠋ᠠᠢ ᠡᠬᠢ ᠪᠠᠶᠠᠯᠢᠭ ᠢ ᠢᠳ᠋ᠡᠪᠬᠢᠳ᠋ᠠᠢ ᠵᠤᠬᠢᠴᠠᠭᠤᠯᠵᠤ᠂ ᠲᠤᠭᠳ᠋ᠠᠭᠰᠠᠨ ᠴᠠᠭ ᠬᠤᠭᠤᠴᠠᠭ᠎ᠠ ᠶᠤᠰᠤᠭᠠᠷ ᠲᠦ᠋ᠷᠦᠯ ᠵᠦ᠋ᠢᠯ ᠤᠨ ᠪᠦᠳ᠋ᠦᠭᠡᠨ ᠪᠠᠢ᠌ᠭᠤᠯᠤᠯᠳ᠋ᠠ ᠶᠢ ᠪᠦᠬᠦ ᠬᠦᠴᠦᠨ ᠶᠢᠡᠷ ᠲᠦ᠋ᠷᠭᠡᠳᠭᠡᠨ ᠠᠬᠢᠭᠤᠯᠵᠤ᠂ ᠠᠷᠠᠳ ᠤᠨ ᠠᠮᠢᠳ᠋ᠤᠷᠠᠯ ᠤᠨ ᠪᠤᠳ᠋ᠠᠳ᠋ᠤ ᠶᠠᠪᠤᠳ᠋ᠠᠯ ᠢ ᠪᠢᠯᠸᠲ ᠦᠭ᠍ᠴᠦ ᠪᠠᠳ᠋ᠤᠯᠠᠭᠰᠠᠨ ᠲᠦ᠋ᠷᠦᠯ ᠵᠦ᠋ᠢᠯ ᠢ ᠲᠤᠭᠳ᠋ᠠᠭᠰᠠᠨ ᠴᠠᠭ ᠲᠤᠨᠢ ᠴᠢᠨᠠᠷ ᠴᠢᠨᠰᠠᠭ᠎ᠠ ᠲᠡᠶ ᠪᠡᠶᠡᠯᠡᠭᠦᠯᠬᠦ ᠶᠢ ᠪᠠᠳ᠋ᠤᠯᠠᠬᠤ ᠬᠡᠷᠡᠭ᠍ᠳ᠋ᠠᠢ᠃ ᠤᠯᠤᠰ ᠤᠨ ᠬᠠᠮᠢᠶ᠎ᠠ ᠪᠦᠬᠦᠢ ᠬᠠᠦᠯᠢ ᠴᠠᠭᠠᠵᠠ ᠬᠠᠦᠯᠢ ᠲᠤᠭᠳ᠋ᠠᠭᠠᠯ ᠪᠠ ᠲᠦ᠋ᠷᠦ ᠶᠢᠨ ᠪᠤᠳ᠋ᠤᠯᠭ᠎ᠠ ᠶᠢᠨ ᠱᠠᠭᠠᠷᠳ᠋ᠠᠯᠭ᠎ᠠ ᠶᠤᠰᠤᠭᠠᠷ᠂ ᠬᠠᠮᠢᠶ᠎ᠠ ᠪᠦᠬᠦᠢ ᠬᠦᠮᠦᠰ ᠢ ᠵᠤᠬᠢᠶᠠᠨ ᠪᠠᠢ᠌ᠭᠤᠯᠵᠤ᠂ ᠪᠠᠷᠢᠯᠭ᠎ᠠ ᠲᠠᠭᠤᠰᠤᠭᠰᠠᠨ ᠤ ᠲᠠᠷᠠᠭᠠᠬᠢ ᠰᠢᠯᠭᠠᠨ ᠠᠪᠬᠤ ᠠᠵᠢᠯ ᠢ ᠰᠠᠢ᠌ᠳ᠋ᠤᠷ ᠬᠢᠬᠦ ᠬᠡᠷᠡᠭ᠍ᠳ᠋ᠠᠢ᠃ ᠡᠭᠦᠨ ᠤ ᠬᠠᠮᠳ᠋ᠤ᠂ ᠲᠠᠷᠠᠭ᠎ᠠ ᠵᠢᠯ ᠤᠨ ᠠᠷᠠᠳ ᠤᠨ ᠠᠮᠢᠳ᠋ᠤᠷᠠᠯ ᠤᠨ ᠪᠤᠳ᠋ᠠᠳ᠋ᠤ ᠶᠠᠪᠤᠳ᠋ᠠᠯ ᠢ ᠦᠨᠳ᠋ᠦᠷ ᠪᠠᠷᠢᠮᠵᠢᠶ᠎ᠠ ᠪᠠᠷ ᠤᠷᠢᠳᠴᠢᠯᠡᠨ ᠲᠦ᠋ᠰᠦᠪᠯᠡᠵᠦ᠂ ᠨᠡᠩ ᠨᠠᠷᠢᠯᠢᠭ ᠤᠨᠤᠪᠴᠢᠳ᠋ᠠᠢ᠂ ᠨᠡᠩ ᠦᠷ᠎ᠠ ᠪᠦᠳ᠋ᠦᠮᠵᠢᠳ᠋ᠠᠢ᠂ ᠨᠡᠩ ᠠᠷᠠᠳ ᠤᠨ ᠰᠡᠳᠭᠢᠯ ᠳᠤ ᠨᠡᠢ᠌ᠴᠡᠭᠦᠯᠦᠨ᠂ ᠦᠭᠡᠷᠡᠴᠢᠯᠡᠯᠳ᠋ᠡ ᠬᠦᠭ᠍ᠵᠢᠯᠳ᠋ᠡ ᠶᠢᠨ ᠦᠷ᠎ᠠ ᠪᠦᠳ᠋ᠦᠭᠡᠯ ᠢ ᠠᠷᠠᠳ ᠤᠯᠠᠨ ᠳᠤ ᠨᠡᠩ ᠡᠷᠭᠡ ᠲᠡᠭ᠍ᠰᠢ ᠪᠠᠷ ᠬᠦᠷᠳ᠋ᠡᠭᠡᠬᠦ ᠪᠠᠷ ᠴᠢᠷᠮᠠᠢ᠌ᠬᠤ ᠬᠡᠷᠡᠭ᠍ᠳ᠋ᠠᠢ ᠭᠡᠵᠦ ᠴᠢᠩᠭ᠋ᠠᠳᠬᠠᠪᠠ᠃ (ᠨᠠᠢ᠌ᠷᠠᠭᠤᠯᠤᠭᠴᠢ᠄ ᠯᠸᠢ ᠫᠠᠩ)