ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠬᠠᠦᠯᠢ ᠴᠠᠭᠠᠵᠠ ᠬᠠᠦᠯᠢ ᠲᠤᠭᠳ᠋ᠠᠭᠠᠯ ᠤᠨ ᠤᠬᠠᠭᠤᠯᠭ᠎ᠠ ᠶᠢᠨ ᠠᠵᠢᠯᠯᠠᠭ᠎ᠠ ᠦᠷᠨᠢᠭᠦᠯᠪᠡ

9 ᠰᠠᠷ᠎ᠠ ᠶᠢᠨ 29 ᠤ ᠡᠳ᠋ᠦᠷ ᠤᠨ ᠦᠳ᠋ᠡ ᠶᠢᠨ ᠬᠤᠢ᠌ᠨ᠎ᠠ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠪᠤᠯᠤᠨ ᠯᠦ᠋ᠪᠸᠢ ᠵᠡᠭᠡᠯᠢ ᠭᠤᠳ᠋ᠤᠮᠵᠢ ᠶᠢᠨ ᠰᠢᠩ ᠬᠤᠸᠠ ᠨᠡᠢ᠌ᠭᠡᠮ ᠲᠤᠭᠤᠷᠢᠭ ᠬᠠᠮᠳ᠋ᠤᠷᠠᠨ 《ᠨᠠᠮ ᠤᠨ ᠬᠤᠷᠢᠳ᠋ᠤᠭᠠᠷ ᠶᠡᠬᠡ ᠬᠤᠷᠠᠯ ᠢ ᠪᠠᠶᠠᠷᠯᠠᠨ ᠤᠭᠳ᠋ᠤᠵᠤ᠂ ᠪᠦᠬᠦᠳ᠋ᠡ ᠨᠠᠢ᠌ᠷᠠᠮᠳ᠋ᠠᠬᠤ ᠲᠤᠮᠳ᠋ᠠᠳ᠋ᠤ ᠠᠷᠠᠳ ᠤᠯᠤᠰ ᠪᠠᠢ᠌ᠭᠤᠯᠤᠭᠳ᠋ᠠᠭᠰᠠᠨ 73 ᠵᠢᠯ ᠤᠨ ᠤᠢ ᠶᠢ ᠪᠡᠯᠭᠡᠯᠡᠬᠦ》 ᠭᠤᠤᠯ ᠰᠡᠳ᠋ᠦᠪᠳ᠋ᠦ ᠬᠠᠦᠯᠢ ᠴᠠᠭᠠᠵᠠ ᠬᠠᠦᠯᠢ ᠲᠤᠭᠳ᠋ᠠᠭᠠᠯ ᠤᠨ ᠤᠬᠠᠭᠤᠯᠭ᠎ᠠ ᠶᠢᠨ ᠠᠵᠢᠯᠯᠠᠭ᠎ᠠ ᠦᠷᠨᠢᠭᠦᠯᠪᠡ᠃


ᠠᠵᠢᠯᠯᠠᠭ᠎ᠠ ᠶᠢᠨ ᠲᠤᠬᠠᠢ ᠶᠢᠨ ᠲᠠᠯᠠᠪᠤᠷ ᠲᠣ᠂ ᠨᠠᠮ ᠤᠨ ᠭᠡᠰᠢᠭᠦᠨ ᠺᠠᠳ᠋ᠷᠴᠤᠳ ᠨᠡᠢ᠌ᠭᠡᠮ ᠲᠤᠭᠤᠷᠢᠭ ᠤᠨ ᠰᠠᠭᠤᠭᠠᠯᠢ ᠠᠷᠠᠳ ᠲᠤ 《ᠶᠡᠷᠦᠩᠬᠡᠢ ᠱᠦ᠋ᠵᠢ ᠰᠢ ᠵᠢᠨ ᠫᠢᠩ ᠤᠨ ᠶᠡᠷᠢᠵᠦ ᠦᠩᠭᠡᠷᠡᠭ᠍ᠰᠡᠨ ᠦᠨᠳ᠋ᠦᠰᠦᠳ᠋ᠡᠨ ᠤ ᠪᠦᠯᠬᠦᠮᠳ᠋ᠡᠯ ᠲᠠᠪᠰᠢᠯᠳ᠋ᠡ ᠶᠢᠨ ᠦᠯᠢᠭᠡᠷ》 《ᠦᠪᠦᠷ ᠮᠤᠩᠭ᠋ᠤᠯ ᠤᠨ ᠦᠪᠡᠷᠳ᠋ᠡᠭᠡᠨ ᠵᠠᠰᠠᠬᠤ ᠤᠷᠤᠨ ᠤ ᠦᠨᠳ᠋ᠦᠰᠦᠳ᠋ᠡᠨ ᠤ ᠪᠦᠯᠬᠦᠮᠳ᠋ᠡᠯ ᠲᠠᠪᠰᠢᠯᠳ᠋ᠡ ᠶᠢ ᠠᠬᠢᠭᠤᠯᠬᠤ ᠲᠦ᠋ᠷᠢᠮ》 《ᠲᠦ᠋ᠩᠯᠢᠶᠤᠤ ᠬᠤᠳ᠋ᠠ ᠶᠢᠨ ᠦᠨᠳ᠋ᠦᠰᠦᠳ᠋ᠡᠨ ᠤ ᠪᠦᠯᠬᠦᠮᠳ᠋ᠡᠯ ᠲᠠᠪᠰᠢᠯᠳ᠋ᠡ ᠶᠢ ᠡᠭᠦᠳ᠋ᠦᠨ ᠪᠠᠢ᠌ᠭᠤᠯᠬᠤ ᠠᠵᠢᠯ ᠤᠨ ᠭᠠᠷ ᠲᠡᠪᠳ᠋ᠡᠷ》 ᠵᠡᠷᠭᠡ ᠤᠬᠠᠭᠤᠯᠭ᠎ᠠ ᠶᠢᠨ ᠭᠠᠷ ᠲᠡᠪᠳ᠋ᠡᠷ ᠪᠠ ᠵᠢᠵᠢᠭ᠌ ᠪᠡᠯᠡᠭ᠌ ᠲᠠᠷᠬᠠᠭᠠᠵᠠᠢ᠃ ᠡᠭᠦᠨ ᠤ ᠬᠠᠮᠳ᠋ᠤ᠂ ᠨᠡᠢ᠌ᠭᠡᠮ ᠲᠤᠭᠤᠷᠢᠭ ᠤᠨ ᠰᠠᠭᠤᠭᠠᠯᠢ ᠠᠷᠠᠳ ᠲᠤ ᠨᠠᠮ ᠤᠨ ᠦᠨᠳ᠋ᠦᠰᠦᠳ᠋ᠡᠨ ᠤ ᠤᠨᠤᠯ ᠤᠨ ᠲᠦ᠋ᠷᠦ ᠶᠢᠨ ᠪᠤᠳ᠋ᠤᠯᠭ᠎ᠠ ᠪᠠ ᠦᠨᠳ᠋ᠦᠰᠦᠳ᠋ᠡᠨ ᠤ ᠬᠠᠦᠯᠢ ᠴᠠᠭᠠᠵᠠ ᠬᠠᠦᠯᠢ ᠲᠤᠭᠳ᠋ᠠᠭᠠᠯ ᠢ ᠲᠠᠢ᠌ᠯᠪᠤᠷᠢᠯᠠᠬᠤ ᠬᠡᠯᠪᠡᠷᠢ ᠪᠠᠷ ᠲᠠᠮᠵᠢᠨ᠂ ᠰᠠᠭᠤᠭᠠᠯᠢ ᠠᠷᠠᠳ ᠢ ᠦᠨᠳ᠋ᠦᠰᠦᠳ᠋ᠡᠨ ᠤ ᠲᠦ᠋ᠷᠦ ᠶᠢᠨ ᠪᠤᠳ᠋ᠤᠯᠭ᠎ᠠ ᠪᠠ ᠬᠠᠦᠯᠢ ᠴᠠᠭᠠᠵᠠ ᠬᠠᠦᠯᠢ ᠲᠤᠭᠳ᠋ᠠᠭᠠᠯ ᠤᠨ ᠲᠤᠬᠠᠢ ᠨᠡᠩ ᠭᠦᠨᠵᠡᠭᠡᠢ ᠤᠢ᠌ᠯᠠᠭᠠᠯᠳ᠋ᠠ ᠲᠡᠶ ᠪᠤᠯᠭᠠᠵᠤ᠂ ᠲᠤᠮᠳ᠋ᠠᠳ᠋ᠤ ᠶᠢᠨ ᠬᠠᠮᠳ᠋ᠤ ᠴᠤᠭᠴᠠ ᠶᠢᠨ ᠤᠬᠠᠮᠰᠡᠷ ᠢ ᠪᠠᠳ᠋ᠤ ᠴᠤᠭᠴᠠᠯᠠᠬᠤ ᠶᠢ ᠬᠦᠮᠦᠰ ᠤᠨ ᠰᠡᠳᠭᠢᠯ ᠳᠤ ᠨᠡᠩ ᠭᠦᠨ ᠬᠠᠳ᠋ᠠᠩᠰᠢᠭᠤᠯᠪᠠ᠃ (ᠨᠠᠢ᠌ᠷᠠᠭᠤᠯᠤᠭᠴᠢ᠄ ᠯᠸᠢ ᠫᠠᠩ)