ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ᠁
ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠨᠠᠮ ᠤᠨ ᠤᠳ᠋ᠤᠷᠢᠳᠬᠤ ᠲᠤᠭᠤᠢ᠌ᠯᠠᠩ ᠤᠨ ᠤᠨᠤᠯ ᠰᠤᠷᠤᠯᠴᠠᠬᠤ ᠭᠤᠤᠯ ᠲᠤᠭᠤᠢ᠌ᠯᠠᠩ  ᠤᠨ ᠰᠤᠷᠤᠯᠴᠠᠯᠭ᠎ᠠ (ᠦᠷᠭᠡᠳᠭᠡᠭ᠍ᠰᠡᠨ) ᠶᠢᠨ ᠬᠤᠷᠠᠯ ᠬᠤᠷᠠᠯᠳ᠋ᠤᠪᠠ

       
     11 ᠰᠠᠷ᠎ᠠ ᠶᠢᠨ 14 ᠤ ᠡᠳ᠋ᠦᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠨᠠᠮ ᠤᠨ ᠤᠳ᠋ᠤᠷᠢᠳᠬᠤ ᠲᠤᠭᠤᠢ᠌ᠯᠠᠩ ᠤᠨ ᠤᠨᠤᠯ ᠰᠤᠷᠤᠯᠴᠠᠬᠤ ᠭᠤᠤᠯ ᠲᠤᠭᠤᠢ᠌ᠯᠠᠩ (ᠦᠷᠭᠡᠳᠭᠡᠭ᠍ᠰᠡᠨ) ᠤᠨ ᠰᠤᠷᠤᠯᠴᠠᠯᠭ᠎ᠠ ᠶᠢᠨ ᠬᠤᠷᠠᠯ ᠬᠤᠷᠠᠯᠳ᠋ᠤᠪᠠ᠃ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠨᠠᠮ ᠤᠨ ᠤᠳ᠋ᠤᠷᠢᠳᠬᠤ ᠲᠤᠭᠤᠢ᠌ᠯᠠᠩ ᠤᠨ ᠱᠦ᠋ᠵᠢ᠂ ᠡᠷᠬᠢᠯᠡᠭ᠍ᠴᠢ ᠡᠦ ᠴᠢᠩ ᠬᠠᠢ᠂ ᠨᠠᠮ ᠤᠨ ᠤᠳ᠋ᠤᠷᠢᠳᠬᠤ ᠲᠤᠭᠤᠢ᠌ᠯᠠᠩ ᠤᠨ ᠭᠡᠰᠢᠭᠦᠨ᠂  ᠳᠡᠳ᠋ ᠡᠷᠬᠢᠯᠡᠭᠴᠢ ᠪᠤᠤ ᠯᠦ᠋ᠩ᠂ ᠵᠠᠩ ᠶᠦ᠋ᠩ ᠴᠢᠶᠠᠩ᠂ ᠵᠠᠩ ᠴᠦ᠋ᠨ ᠡᠾᠦ᠋ᠢ ᠬᠤᠷᠠᠯ ᠳᠤ ᠰᠠᠭᠠᠳ᠋ᠠᠪᠠ᠃ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠳᠤ ᠪᠠᠢ᠌ᠭ᠎ᠠ ᠡᠯ᠎ᠠ ᠵᠦ᠋ᠪᠯᠡᠯ ᠤᠨ ᠬᠠᠮᠢᠶ᠎ᠠ ᠪᠦᠬᠦᠢ ᠬᠠᠷᠢᠭᠤᠴᠠᠯᠭᠠᠳ᠋ᠠᠨ ᠨᠦ᠋ᠬᠦᠳ ᠬᠤᠷᠠᠯ ᠳᠤ ᠤᠷᠤᠯᠴᠠᠪᠠ᠃

        
        ᠬᠤᠷᠠᠯ ᠢ ᠡᠦ ᠴᠢᠩ ᠬᠠᠢ ᠡᠷᠬᠢᠯᠡᠪᠡ᠃ ᠬᠤᠷᠠᠯ ᠡᠴᠡ ᠨᠠᠮ ᠤᠨ ᠬᠤᠷᠢᠳ᠋ᠤᠭᠠᠷ ᠶᠡᠬᠡ ᠬᠤᠷᠠᠯ ᠤᠨ ᠢᠯᠡᠳᠭᠡᠯ ᠤᠨ ᠵᠤᠷᠢᠭ ᠰᠠᠨᠠᠭ᠎ᠠ ᠶᠢ ᠲᠦ᠋ᠪᠯᠡᠷᠡᠭᠦᠯᠦᠨ ᠰᠤᠷᠤᠯᠴᠠᠵᠤ᠂ ᠪᠠᠰᠠ ᠨᠠᠮ ᠤᠨ ᠬᠤᠷᠢᠳ᠋ᠤᠭᠠᠷ ᠶᠡᠬᠡ ᠬᠤᠷᠠᠯ ᠤᠨ ᠢᠯᠡᠳᠭᠡᠯ ᠤᠨ ᠲᠠᠢ᠌ᠯᠤᠮᠵᠢ ᠶᠢᠨ  ᠸᠢᠳᠢᠣ᠋ ᠶᠢ ᠦᠵᠡᠭ᠍ᠰᠡᠨ ᠪᠦᠭᠡᠳ ᠨᠠᠮ ᠤᠨ ᠬᠤᠷᠢᠳ᠋ᠤᠭᠠᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠬᠡᠷᠬᠢᠨ ᠰᠠᠢ᠌ᠳ᠋ᠤᠷ ᠰᠤᠷᠤᠯᠴᠠᠵᠤ ᠲᠤᠭᠤᠰᠢᠯᠠᠭᠤᠯᠬᠤ ᠶᠢᠨ ᠲᠤᠭᠤᠷᠢᠨ ᠳᠤ ᠰᠤᠳ᠋ᠤᠯᠤᠨ ᠶᠠᠷᠢᠯᠴᠠᠪᠠ᠃

          


       


       
       ᠬᠤᠷᠠᠯ ᠡᠴᠡ᠂ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠵᠢᠴᠢ ᠲᠡᠭᠦᠨ ᠤ ᠪᠠᠢ᠌ᠩᠭ᠋ᠤ ᠶᠢᠨ ᠬᠤᠷᠢᠶ᠎ᠠ ᠪᠤᠯ ᠨᠠᠮ ᠤᠨ ᠤᠳ᠋ᠤᠷᠢᠳ᠋ᠤᠯᠭ᠎ᠠ ᠲᠤᠤᠷᠠᠬᠢ ᠴᠢᠬᠤᠯᠠ ᠤᠯᠤᠰ ᠲᠦ᠋ᠷᠦ ᠶᠢᠨ ᠪᠠᠢ᠌ᠭᠤᠯᠭ᠎ᠠ ᠮᠦ᠋ᠨ᠂ ᠡᠷᠬᠡᠪᠰᠢ ᠲᠤᠭ ᠲᠡᠮᠳ᠋ᠡᠭ᠌ ᠲᠤᠳ᠋ᠤᠷᠬᠠᠢ ᠪᠠᠷ ᠤᠯᠤᠰ ᠲᠦ᠋ᠷᠦ ᠶᠢ ᠡᠷᠬᠢᠮᠯᠡᠬᠦ ᠬᠡᠷᠡᠭ᠍ᠳ᠋ᠠᠢ᠃ ᠬᠤᠰᠢᠭᠤᠨ ᠤ ᠨᠠᠮ ᠤᠨ ᠬᠤᠷᠢᠶᠠᠨ ᠤ ᠠᠵᠢᠯ ᠤᠨ ᠪᠠᠢ᠌ᠷᠢᠯᠠᠭᠤᠯᠤᠯᠳ᠋ᠠ ᠶᠢᠨ ᠲᠤᠭᠤᠷᠢᠨ ᠳᠤ᠂ ᠴᠢᠨᠠᠷ ᠰᠠᠢ᠌ᠳ᠋ᠠᠢ ᠬᠦᠭ᠍ᠵᠢᠯᠳ᠋ᠡ ᠶᠢᠨ ᠬᠠᠷᠠᠯᠳ᠋ᠠ ᠱᠠᠭᠠᠷᠳ᠋ᠠᠯᠭ᠎ᠠ ᠪᠠᠷ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠠᠵᠢᠯ ᠢ ᠦᠷᠨᠢᠭᠦᠯᠬᠦ ᠬᠡᠷᠡᠭ᠍ᠳ᠋ᠠᠢ᠃ ᠨᠠᠮ ᠤᠨ ᠬᠤᠷᠢᠳ᠋ᠤᠭᠠᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠶᠢ ᠬᠠᠦᠯᠢ ᠶᠤᠰᠤᠭᠠᠷ ᠬᠢᠨᠠᠯᠳ᠋ᠠ ᠲᠠᠯᠪᠢᠬᠤ᠂ ᠪᠠᠢ᠌ᠴᠠᠭᠠᠨ ᠰᠤᠳ᠋ᠤᠯᠬᠤ᠂ ᠪᠠᠢ᠌ᠴᠠᠭᠠᠨ ᠦᠵᠡᠬᠦ᠂ ᠬᠠᠦᠯᠢ ᠬᠡᠷᠡᠭ᠍ᠵᠢᠭᠦᠯᠦᠯᠳ᠋ᠡ ᠶᠢᠨ ᠪᠠᠢ᠌ᠴᠠᠭᠠᠯᠳ᠋ᠠ ᠬᠢᠬᠦ ᠵᠡᠷᠭᠡ ᠪᠤᠳ᠋ᠠᠳ᠋ᠠᠢ ᠠᠵᠢᠯ ᠲᠡᠶ ᠤᠶᠠᠯᠳ᠋ᠤᠭᠤᠯᠤᠨ᠂ ᠪᠠᠷᠢᠮᠵᠢᠶᠠᠯᠠᠨ ᠬᠠᠷᠭᠤᠭᠤᠯᠵᠤ᠂᠂ ᠪᠦᠬᠦ ᠶᠠᠪᠤᠴᠠ ᠶᠢᠨ ᠠᠷᠠᠳ ᠤᠨ ᠠᠷᠠᠳᠴᠢᠯᠠᠯ ᠤᠨ ᠦᠢᠯᠡᠳ᠋ᠦᠯᠭᠡ ᠶᠢ ᠭᠦᠨᠵᠡᠭᠡᠢ ᠠᠬᠢᠭᠤᠯᠬᠤ ᠬᠡᠷᠡᠭ᠍ᠳ᠋ᠠᠢ᠃ ᠨᠠᠮ ᠤᠨ ᠬᠤᠷᠢᠳ᠋ᠤᠭᠠᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠡᠨ ᠲᠤᠭᠤᠰᠢᠯᠠᠭᠤᠯᠬᠤ ᠡᠨᠡᠬᠦ ᠭᠤᠤᠯ  ᠰᠢᠵᠢᠮ ᠤᠨ ᠲᠤᠭᠤᠷᠢᠨ ᠳᠤ᠂ ᠪᠦᠬᠦ ᠶᠠᠪᠤᠴᠠ ᠶᠢᠨ ᠠᠷᠠᠳ ᠤᠨ ᠠᠷᠠᠳᠴᠢᠯᠠᠯ ᠪᠠ ᠪᠦᠬᠦ ᠲᠠᠯ᠎ᠠ ᠪᠠᠷ ᠬᠠᠦᠯᠢ ᠶᠤᠰᠤᠭᠠᠷ ᠤᠯᠤᠰ ᠶᠢᠡᠨ ᠵᠠᠰᠠᠬᠤ ᠰᠢᠨ᠎ᠠ ᠱᠠᠭᠠᠷᠳ᠋ᠠᠯᠭ᠎ᠠ ᠶᠢ ᠲᠠᠷᠠᠭ᠎ᠠ ᠵᠢᠯ ᠤᠨ ᠠᠵᠢᠯ ᠤᠨ ᠭᠤᠤᠯᠳ᠋ᠠᠯᠭ᠎ᠠ ᠪᠠ ᠬᠢᠨᠠᠯᠳ᠋ᠠ ᠲᠠᠯᠪᠢᠬᠤ ᠰᠠᠨᠠᠯ ᠵᠦ᠋ᠪᠯᠡᠯᠭᠡ ᠶᠢᠨ ᠰᠠᠳ᠋ᠦᠪ ᠤᠨ ᠲᠤᠮᠳ᠋ᠠ ᠢᠯᠡᠷᠡᠭᠦᠯᠦᠨ᠂ ᠰᠢᠨ᠎ᠠ ᠴᠠᠭ ᠦᠶ᠎ᠠ ᠶᠢᠨ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠠᠵᠢᠯ ᠤᠨ ᠲᠤᠰᠢᠶᠠᠯ ᠬᠠᠷᠢᠭᠤᠴᠠᠯᠭ᠎ᠠ ᠶᠢ ᠦᠨᠡᠨ ᠪᠠᠳ᠋ᠤᠳ᠋ᠠᠢ ᠡᠭᠦᠷᠭᠡᠯᠡᠵᠦ᠂ ᠴᠢᠨᠠᠷ ᠰᠠᠢ᠌ᠳ᠋ᠠᠢ ᠬᠦᠭ᠍ᠵᠢᠯᠳ᠋ᠡ ᠶᠢᠨ ᠰᠢᠨ᠎ᠠ ᠬᠠᠭᠤᠳ᠋ᠠᠰᠦ ᠶᠢ ᠪᠢᠴᠢᠭᠯᠡᠬᠦ ᠦᠢᠯᠡᠳ᠋ᠦᠯᠭᠡ ᠳᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠺᠠᠳ᠋ᠷ᠂ ᠡᠯ᠎ᠠ ᠱᠠᠳ᠋ᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠲᠦ᠋ᠯᠦᠭᠡᠯᠡᠭ᠍ᠴᠢ ᠶᠢᠨ ᠬᠦᠴᠦᠨ ᠴᠢᠳ᠋ᠠᠯ ᠶᠢᠡᠨ ᠡᠷᠭᠦᠬᠦ ᠬᠡᠷᠡᠭ᠍ᠳ᠋ᠠᠢ ᠭᠡᠵᠦ ᠴᠢᠩᠭ᠋ᠠᠳᠬᠠᠪᠠ᠃ (ᠨᠠᠢ᠌ᠷᠠᠭᠤᠯᠤᠭᠴᠢ᠄ ᠯᠸᠢ ᠫᠠᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠲᠦ᠋ᠪᠯᠡᠷᠡᠭᠦᠯᠦᠨ ᠰᠤᠷᠤᠯᠴᠠᠬᠤ ᠬᠤᠷᠠᠯ ᠬᠤᠷᠠᠯᠳ᠋ᠤᠭᠤᠯᠪᠠ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠨᠠᠮ ᠤᠨ ᠤᠳ᠋ᠤᠷᠢᠳᠬᠤ ᠲᠤᠭᠤᠢ᠌ᠯᠠᠩ 2022 ᠣᠨ ᠤ ᠠᠷᠠᠳᠴᠢᠯᠠᠯ ᠤᠨ ᠠᠮᠢᠳ᠋ᠤᠷᠠᠯ ᠤᠨ ᠬᠤᠷᠠᠯ ᠵᠢᠴᠢ ᠬᠡᠷᠡᠭ᠌ ᠶᠢᠡᠷ ᠵᠠᠰᠠᠨ ᠠᠬᠢᠭᠤᠯᠬᠤ ᠲᠤᠰᠬᠠᠢ ᠰᠡᠳ᠋ᠦᠪᠳ᠋ᠦ ᠠᠷᠠᠳᠴᠢᠯᠠᠯ ᠤᠨ ᠠᠮᠢᠳ᠋ᠤᠷᠠᠯ ᠤᠨ ᠬᠤᠷᠠᠯ ᠦᠨ ᠰᠤᠳ᠋ᠤᠯᠤᠨ ᠶᠠᠷᠢᠯᠴᠠᠬᠤ ᠬᠤᠷᠠᠯ ᠬᠤᠷᠠᠯᠳ᠋ᠤᠭᠤᠯᠪᠠ