ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠭᠡᠰᠢᠭᠦᠨ ᠺᠠᠳ᠋ᠷᠴᠤᠳ ᠡᠮᠦᠨ᠎ᠠ ᠹᠷᠤᠨᠲ ᠲᠤ ᠭᠦᠨᠵᠡᠭᠡᠢ᠌ᠷᠡᠨ ᠬᠢᠵᠢᠭ᠌ ᠦᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ ᠬᠤᠰᠢᠭᠤᠴᠢ ᠠᠩᠭᠢ ᠪᠤᠯᠵᠤ ᠪᠠᠢ᠌ᠭ᠎ᠠ

ᠬᠢᠵᠢᠭ᠌ ᠦᠨ ᠪᠠᠢ᠌ᠳ᠋ᠠᠯ ᠪᠣᠯ ᠵᠠᠷᠯᠢᠭ᠂ ᠰᠡᠷᠭᠡᠢ᠌ᠯᠡᠨ ᠡᠵᠡᠮᠳ᠋ᠡᠬᠦ ᠪᠣᠯ ᠬᠠᠷᠢᠭᠤᠴᠠᠯᠭ᠎ᠠ ᠮᠦ᠋ᠨ᠃ ᠤᠳ᠋ᠤᠬᠠᠨ ᠤ ᠬᠦᠨᠳ᠋ᠦ ᠨᠤᠴᠢᠳ᠋ᠠᠢ ᠨᠠᠷᠢᠨ ᠪᠤᠳ᠋ᠤᠯᠢᠶᠠᠨᠳ᠋ᠠᠢ ᠬᠢᠵᠢᠭ᠌ ᠦᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ ᠪᠠᠢ᠌ᠳ᠋ᠠᠯ ᠤᠨ ᠡᠮᠦᠨ᠎ᠠ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠬᠤᠰᠢᠭᠤᠨ ᠤ ᠬᠢᠵᠢᠭ᠌ ᠤᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ ᠵᠢᠯᠤᠭᠤᠳᠬᠤ ᠭᠠᠵᠠᠷ ᠤᠨ ᠪᠠᠢ᠌ᠷᠢᠯᠠᠭᠤᠯᠤᠯᠳ᠋ᠠ ᠱᠠᠭᠠᠷᠳ᠋ᠠᠯᠭ᠎ᠠ ᠶᠢ ᠨᠠᠷᠢᠨ ᠬᠢᠨᠠᠮᠠᠭᠠᠢ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠵᠤ᠂ ᠰᠠᠨᠠᠭᠠᠴᠢᠯᠠᠭ᠎ᠠ ᠡᠴᠡ ᠪᠠᠨ ᠠᠵᠢᠯᠯᠠᠨ᠂ ᠭᠣᠣᠯ ᠬᠤᠳ᠋ᠠ ᠶᠢᠨ ᠲᠤᠭᠤᠷᠢᠭ ᠤᠨ ᠬᠢᠵᠢᠭ᠌ ᠦᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ ᠠᠵᠢᠯ ᠳᠤ ᠢᠳ᠋ᠡᠪᠬᠢᠳ᠋ᠠᠢ ᠤᠷᠤᠯᠴᠠᠵᠤ᠂ ᠤᠯᠠᠨ ᠶᠢᠡᠷ ᠵᠢᠠᠨ ᠬᠤᠯᠪᠤᠭᠠᠯᠠᠨ ᠰᠡᠷᠭᠡᠢ᠌ᠯᠡᠨ ᠡᠵᠡᠮᠳ᠋ᠡᠬᠦ ᠪᠠᠲᠤ ᠪᠡᠬᠢ ᠰᠡᠷᠭᠡᠢ᠌ᠯᠡᠯᠳ᠋ᠡ ᠶᠢᠨ ᠱᠤᠭᠤᠮ ᠢ ᠪᠦᠬᠦ ᠬᠦᠴᠦᠨ ᠶᠢᠡᠷ ᠵᠢᠠᠨ ᠪᠠᠲᠤ ᠴᠤᠭᠴᠠᠯᠠᠪᠠ᠃
ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠨᠠᠮ ᠤᠨ ᠵᠤᠬᠢᠶᠠᠨ ᠪᠠᠢ᠌ᠭᠤᠯᠤᠯᠳ᠋ᠠ ᠶᠢᠨ ᠲᠠᠢ᠌ᠴᠢᠨ ᠪᠡᠬᠢᠯᠡᠯᠳ᠋ᠡ ᠶᠢᠨ ᠦᠢᠯᠡᠳ᠋ᠦᠯ ᠪᠠ ᠨᠠᠮ ᠤᠨ ᠭᠡᠰᠢᠭᠦᠨ ᠦ ᠬᠤᠰᠢᠭᠤᠴᠢ ᠵᠢᠱᠢᠶᠡᠴᠢ ᠦᠢᠯᠡᠳ᠋ᠦᠯ ᠢ ᠭᠦᠢᠴᠡᠳ ᠪᠠᠳ᠋ᠠᠷᠠᠭᠤᠯᠤᠨ᠂ ᠬᠤᠰᠢᠭᠤᠨ ᠤ ᠨᠠᠮ ᠤᠨ ᠬᠤᠷᠢᠶᠠᠨ ᠤ ᠤᠷᠢᠶᠠᠯᠭ᠎ᠠ ᠶᠤᠰᠤᠭᠠᠷ᠂ ᠪᠠᠢ᠌ᠭᠤᠯᠭ᠎ᠠ ᠶᠢᠨ ᠨᠠᠮ ᠤᠨ ᠭᠡᠰᠢᠭᠦᠨ ᠺᠠᠳ᠋ᠷᠴᠤᠳ ᠢ ᠵᠤᠬᠢᠶᠠᠨ ᠪᠠᠢ᠌ᠭᠤᠯᠵᠤ ᠯᠦ᠋ᠪᠸᠢ ᠪᠠᠯᠭᠠᠰᠤᠨ ᠤ ᠭᠣᠣᠯ ᠬᠤᠳ᠋ᠠ ᠶᠢᠨ ᠲᠤᠭᠤᠷᠢᠭ ᠤᠨ ᠬᠢᠵᠢᠭ᠌ ᠦᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ 《ᠨᠠᠮ ᠤᠨ ᠭᠡᠰᠢᠭᠦᠨ ᠦ ᠺᠠᠳ᠋ᠷ ᠤᠨ ᠬᠤᠰᠢᠭᠤᠴᠢ ᠠᠩᠭᠢ》 ᠳ᠋ᠦ ᠰᠠᠨᠠᠭᠠᠴᠢᠯᠠᠭ᠎ᠠ ᠡᠴᠡ ᠪᠡᠨ ᠤᠷᠤᠯᠴᠡᠨ᠂ ᠡᠮᠨᠡᠯᠭᠡ ᠶᠢᠨ ᠠᠵᠢᠯᠳ᠋ᠡᠨ ᠪᠠ ᠨᠡᠢ᠌ᠭᠡᠮ ᠲᠤᠭᠤᠷᠢᠭ ᠤᠨ ᠠᠵᠢᠯᠳ᠋ᠡᠨ ᠢ ᠬᠠᠮᠵᠢᠨ᠂ ᠪᠦᠭᠡᠮ ᠬᠦᠴᠢᠯ ᠦᠨ ᠪᠠᠢ᠌ᠴᠠᠭᠠᠯᠳ᠋ᠠ ᠶᠢᠨ ᠠᠵᠢᠯᠳ᠋ᠡᠳ ᠢ ᠲᠠᠩᠰᠠᠯᠠᠬᠤ᠂ ᠣᠷᠴᠢᠨ ᠲᠤᠭᠤᠷᠢᠨ ᠢ ᠠᠷᠢᠭᠤᠳᠬᠠᠬᠤ᠂ ᠡᠷᠦᠭᠡ ᠳ᠋ᠦ ᠤᠷᠤᠵᠤ ᠮᠡᠳ᠋ᠡᠭᠡ ᠵᠠᠩᠭᠢ ᠶᠢ ᠴᠤᠭᠯᠠᠭᠤᠯᠬᠤ ᠵᠡᠷᠭᠡ ᠡᠯ᠎ᠠ ᠵᠦ᠋ᠢᠯ ᠦᠨ ᠠᠵᠢᠯ ᠢ ᠦᠷᠨᠢᠭᠦᠯᠵᠦ᠂ ᠬᠢᠵᠢᠭ᠌ ᠦᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ ᠡᠮᠦᠨ᠎ᠠ ᠹᠷᠤᠨᠲ ᠲᠤ ᠡᠷᠡᠯᠭᠡᠭᠯᠡᠨ ᠲᠡᠮᠡᠴᠡᠵᠦ᠂ ᠤᠯᠠᠨ ᠲᠦ᠋ᠮᠡᠨ ᠦ ᠠᠮᠢ ᠨᠠᠰᠤ ᠪᠠ ᠪᠡᠶ᠎ᠠ ᠮᠠᠬᠠᠪᠤᠳ ᠤᠨ ᠡᠷᠡᠭᠦᠯ ᠮᠡᠨᠳ᠋ᠦ ᠶᠢ ᠪᠦᠬᠦ ᠬᠦᠴᠦᠨ ᠶᠢᠡᠷ ᠵᠢᠠᠨ ᠰᠠᠬᠢᠨ ᠬᠠᠮᠠᠭᠠᠯᠠᠪᠠ᠃


ᠭᠣᠣᠯ ᠬᠤᠳ᠋ᠠ ᠶᠢᠨ ᠲᠤᠭᠤᠷᠢᠭ ᠤᠨ ᠬᠢᠵᠢᠭ᠌ ᠦᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ ᠰᠠᠢ᠌ᠨ ᠲᠤᠷᠠᠴᠤᠳ ᠲᠤᠳ᠋ᠠᠭᠳ᠋ᠠᠵᠤ ᠪᠠᠢ᠌ᠭ᠎ᠠ ᠪᠠᠢ᠌ᠳ᠋ᠠᠯ ᠤᠨ ᠡᠮᠦᠨ᠎ᠠ᠂ ᠪᠠᠢ᠌ᠭᠤᠯᠭ᠎ᠠ ᠶᠢᠨ ᠤᠳ᠋ᠤᠷᠢᠳ᠋ᠤᠯᠭ᠎ᠠ ᠰᠠᠨᠠᠭᠠᠴᠢᠯᠠᠭ᠎ᠠ ᠡᠴᠡ ᠪᠠᠨ ᠭᠤᠶᠤᠴᠢᠯᠡᠨ᠂ ᠨᠠᠮ ᠶᠢᠨ ᠭᠡᠰᠢᠭᠦᠨ ᠺᠠᠳ᠋ᠷᠴᠤᠳ ᠢ ᠲᠠᠭᠠᠭᠤᠯᠤᠨ ᠭᠣᠣᠯ ᠬᠤᠳ᠋ᠠ ᠶᠢᠨ ᠲᠤᠭᠤᠷᠢᠭ ᠤᠨ ᠡᠯ᠎ᠠ ᠨᠡᠢ᠌ᠭᠡᠮ ᠲᠤᠭᠤᠷᠢᠭ ᠲᠤ ᠬᠦᠷᠴᠦ ᠨᠡᠷ᠎ᠠ ᠮᠡᠳ᠋ᠡᠭᠦᠯᠦᠨ᠂ ᠡᠮᠦᠨ᠎ᠠ ᠨᠢ ᠭᠠᠪᠰᠢᠭᠠᠢ᠌ᠯᠠᠵᠤ᠂ ᠰᠠᠭᠤᠭᠠᠯᠢ ᠠᠷᠠᠳ ᠤᠨ ᠲᠤᠭᠤᠷᠢᠭ ᠢ ᠬᠠᠪᠰᠤᠷᠤᠨ ᠡᠭᠦᠳ᠋ᠡᠨ ᠬᠠᠷᠠᠭᠤᠯ ᠳᠤ ᠵᠢᠵᠢᠭᠦᠷᠯᠡᠬᠦ᠂ ᠬᠢᠵᠢᠭ᠌ ᠢ ᠰᠡᠷᠭᠡᠢ᠌ᠯᠡᠬᠦ ᠤᠬᠠᠭᠤᠯᠭ᠎ᠠ ᠵᠡᠷᠭᠡ ᠬᠢᠵᠢᠭ᠌ ᠦᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ 《ᠪᠤᠯᠣᠳ ᠬᠡᠷᠡᠮ ᠲᠡᠮᠦᠷ ᠬᠠᠨ᠎ᠠ》 ᠶᠢ ᠪᠠᠲᠤ ᠴᠤᠭᠴᠠᠯᠠᠵᠤ ᠪᠠᠢ᠌ᠨ᠎ᠠ᠃ (ᠨᠠᠢ᠌ᠷᠠᠭᠤᠯᠤᠭᠴᠢ᠄ ᠯᠸᠢ ᠫᠠᠩ)