ᠤᠳᠤ ᠶᠢᠨ ᠪᠠᠢ᠌ᠷᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ → ᠠᠷᠠᠳ ᠤᠨ ᠲᠦ᠋ᠯᠦᠭᠡᠯᠡᠭ᠍ᠴᠢᠳ ᠦᠨ ᠶᠡᠬᠡ᠁
ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠲᠦ᠋ᠯᠦᠭᠡᠯᠡᠭ᠍ᠴᠢᠳ ᠶᠡᠬᠡ ᠬᠤᠷᠠᠯ ᠳᠤ ᠨᠡᠷ᠎ᠠ ᠮᠡᠳ᠋ᠡᠭᠦᠯᠦᠯ᠎ᠠ

       
        ᠠᠷᠭ᠎ᠠ ᠤᠬᠠᠭᠠᠨ ᠭᠠᠷᠭᠠᠨ ᠬᠦᠭ᠍ᠵᠢᠯᠳ᠋ᠡ ᠶᠢ ᠰᠦ᠋ᠪᠡᠭ᠍ᠴᠢᠯᠡᠵᠦ᠂ ᠰᠢᠨ᠎ᠠ ᠠᠶᠠᠨ ᠳᠠᠭᠠᠨ ᠡᠷᠡᠮᠡᠢ᠌ᠭᠡᠯᠡᠨ ᠤᠷᠤᠭᠰᠢᠯᠠᠨ᠎ᠠ᠃ 1 ᠰᠠᠷ᠎ᠠ ᠶᠢᠨ 4 ᠦ ᠡᠳ᠋ᠦᠷ ᠦᠨ ᠦᠳ᠋ᠡ ᠶᠢᠨ ᠬᠤᠢ᠌ᠨ᠎ᠠ᠂ ᠵᠠᠷᠤᠳ ᠬᠣᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠬᠤᠶᠠᠳ᠋ᠤᠭᠠᠷ ᠬᠤᠷᠠᠯᠳ᠋ᠤᠭᠠᠨ ᠳᠤ ᠤᠷᠤᠯᠴᠠᠬᠤ ᠲᠦ᠋ᠯᠦᠭᠡᠯᠡᠭ᠍ᠴᠢᠳ᠂ ᠬᠦᠨᠳ᠋ᠦ ᠬᠠᠷᠢᠭᠤᠴᠠᠯᠭ᠎ᠠ ᠶᠢ ᠡᠭᠦᠷᠭᠡᠯᠡᠵᠦ᠂ ᠠᠷᠠᠳ ᠤᠨ ᠰᠠᠨᠠᠭ᠎ᠠ ᠶᠢ ᠰᠡᠳᠭᠢᠯ ᠳ᠋ᠦ ᠪᠡᠨ ᠲᠤᠭᠳ᠋ᠠᠭᠠᠨ᠂ ᠬᠦᠭ᠍ᠵᠢᠯᠳ᠋ᠡ ᠶᠢ ᠰᠦ᠋ᠪᠡᠭ᠍ᠴᠢᠯᠡᠬᠦ ᠬᠠᠲᠠᠭᠤ ᠵᠣᠷᠢᠭ ᠢ ᠡᠪᠦᠷᠯᠡᠵᠦ᠂ ᠴᠣᠭ ᠵᠢᠪᠬᠤᠭ᠎ᠠ ᠲᠡᠭᠦᠯᠳ᠋ᠡᠷ ᠶᠢᠡᠷ ᠶᠡᠬᠡ ᠬᠤᠷᠠᠯ ᠳᠤ ᠵᠠᠯᠭᠠᠭ᠎ᠠ ᠪᠠᠷ ᠨᠡᠷ᠎ᠠ ᠮᠡᠳ᠋ᠡᠭᠦᠯᠵᠡᠭᠡᠪᠡ᠃

        


       


       
        ᠨᠡᠷ᠎ᠠ ᠮᠡᠳ᠋ᠡᠭᠦᠯᠬᠦ ᠲᠤᠬᠠᠢ ᠶᠢᠨ ᠲᠠᠯᠠᠪᠤᠷ ᠲᠤ᠂ ᠲᠦ᠋ᠯᠦᠭᠡᠯᠡᠭ᠍ᠴᠢᠳ ᠴᠤᠭ ᠵᠢᠪᠬᠤᠭ᠎ᠠ ᠲᠡᠭᠦᠯᠳ᠋ᠡᠷ᠂ ᠤᠷᠭᠢᠯᠤᠮ᠎ᠠ ᠬᠠᠯᠠᠭᠤᠨ ᠰᠡᠳᠭᠢᠯᠭᠡ ᠲᠡᠶ ᠪᠠᠢ᠌ᠵᠤ᠂ ᠠᠵᠢᠯᠳ᠋ᠡᠳ ᠤᠨ ᠵᠢᠯᠤᠭᠤᠳ᠋ᠤᠯᠭ᠎ᠠ ᠲᠤᠤᠷ᠎ᠠ᠂ ᠡᠮᠬᠢ ᠲᠠᠷᠠᠭ᠎ᠠ ᠲᠡᠶ ᠪᠠᠷ ᠦᠨᠡᠮᠯᠡᠯ ᠪᠠ ᠶᠡᠬᠡ ᠬᠤᠷᠠᠯ ᠤᠨ ᠮᠠᠲ᠋ᠸᠷᠢᠶᠠᠯ ᠶᠢᠡᠨ ᠠᠪᠴᠣ᠂ ᠪᠦᠬᠦ ᠨᠡᠷ᠎ᠠ ᠮᠡᠳ᠋ᠡᠭᠦᠯᠬᠦ ᠶᠠᠪᠤᠴᠠ ᠦᠨᠳ᠋ᠦᠷ ᠪᠦᠳ᠋ᠦᠮᠵᠢᠳ᠋ᠠᠢ ᠡᠮᠬᠢ ᠲᠢᠭ᠍ᠯᠢᠮ ᠲᠡᠶ ᠪᠠᠢ᠌ᠯ᠎ᠠ᠃

        


       
        ᠠᠷᠠᠳ ᠤᠯᠠᠨ ᠤ《ᠤᠷᠤᠯᠠᠨ ᠦᠭᠦᠯᠡᠭ᠍ᠴᠢ》 ᠪᠤᠯᠤᠭᠰᠠᠨ ᠤ ᠬᠤᠪᠢ ᠳᠤ᠂ ᠲᠦ᠋ᠯᠦᠭᠡᠯᠡᠭ᠍ᠴᠢᠳ ᠠᠷᠠᠳ ᠤᠨ ᠲᠣᠮᠲᠠ ᠭᠦᠨᠵᠡᠭᠡᠢ᠌ᠷᠡᠨ ᠪᠠᠢ᠌ᠴᠠᠭᠠᠨ ᠰᠤᠳ᠋ᠤᠯᠤᠯᠳ᠋ᠠ ᠬᠢᠵᠦ᠂ ᠠᠷᠠᠳ ᠤᠯᠠᠨ ᠤ ᠬᠦᠰᠡᠯ ᠡᠷᠡᠮᠡᠯᠵᠡᠯ ᠢ ᠰᠤᠨᠤᠰᠴᠦ᠂ ᠨᠡᠢ᠌ᠭᠡᠮ ᠦᠨ ᠪᠠᠢ᠌ᠳ᠋ᠠᠯ᠂ ᠠᠷᠠᠳ ᠤᠨ ᠰᠠᠨᠠᠭ᠎ᠠ ᠶᠢ ᠲᠤᠰᠬᠠᠭᠰᠠᠨ ᠴᠦ᠋ᠬᠡᠨ ᠪᠣᠰᠤ ᠰᠠᠨᠠᠯ ᠵᠦ᠋ᠪᠯᠡᠯᠭᠡ ᠪᠡᠨ ᠡᠮᠬᠢᠳᠭᠡᠨ ᠴᠤᠭᠯᠠᠭᠤᠯᠵᠤ᠂ ᠭᠦᠢᠴᠡᠳ ᠪᠡᠯᠡᠳᠭᠡᠯ ᠲᠡᠶ ᠢᠷᠡᠭ᠍ᠰᠡᠨ ᠪᠠᠢ᠌ᠨ᠎ᠠ᠃ ᠲᠦ᠋ᠯᠦᠭᠡᠯᠡᠭ᠍ᠴᠢᠳ ᠲᠡᠭᠡᠳ᠋ᠦ ᠬᠡᠮᠵᠢᠶᠡᠨ ᠦ ᠬᠠᠷᠢᠭᠤᠴᠠᠯᠭᠠᠳ᠋ᠤ ᠰᠡᠳᠭᠢᠯᠭᠡ ᠪᠠ ᠡᠭᠦᠷᠭᠡᠳ᠋ᠦ ᠰᠡᠳᠭᠢᠯᠭᠡ ᠪᠡᠷ᠂ ᠠᠷᠠᠳ ᠤᠯᠠᠨ ᠤ ᠲᠦ᠋ᠯᠦᠭᠡᠯᠡᠭ᠍ᠴᠢ ᠳ᠋ᠦ ᠤᠯᠭᠤᠭᠰᠠᠨ ᠠᠷᠢᠭᠤᠨ ᠲᠠᠷᠬᠠᠨ ᠡᠭᠦᠷᠭᠡ ᠬᠠᠷᠢᠭᠤᠴᠠᠯᠭ᠎ᠠ ᠪᠠᠨ ᠦᠨᠡᠨᠬᠦ ᠰᠠᠢ᠌ᠳ᠋ᠤᠷ ᠭᠦᠢᠴᠡᠳᠭᠡᠨ᠂ ᠰᠡᠳᠭᠢᠯ ᠰᠠᠨᠠᠭ᠎ᠠ ᠪᠠᠨ ᠲᠦ᠋ᠪᠯᠡᠷᠡᠭᠦᠯᠦᠨ ᠶᠡᠬᠡ ᠬᠤᠷᠠᠯ ᠢ ᠰᠠᠢ᠌ᠳ᠋ᠤᠷ ᠬᠤᠷᠠᠯᠳ᠋ᠤᠭᠤᠯᠵᠤ᠂ ᠶᠡᠬᠡ ᠬᠤᠷᠠᠯ ᠤᠨ ᠡᠯ᠎ᠠ ᠵᠦ᠋ᠢᠯ ᠦᠨ ᠵᠦ᠋ᠪᠯᠡᠬᠦ ᠰᠡᠳ᠋ᠦᠪ ᠢ ᠨᠠᠷᠢᠨ ᠬᠢᠨᠠᠮᠠᠭᠠᠢ ᠬᠢᠨᠠᠨ ᠵᠦ᠋ᠪᠯᠡᠵᠦ᠂ ᠠᠷᠠᠳ ᠤᠨ ᠲᠦ᠋ᠯᠦᠭᠡᠯᠡᠭ᠍ᠴᠢ ᠶᠢᠨ ᠡᠭᠦᠷᠭᠡ ᠬᠠᠷᠢᠭᠤᠴᠠᠯᠭ᠎ᠠ ᠪᠠᠨ ᠢᠳ᠋ᠡᠪᠬᠢᠳ᠋ᠠᠢ ᠭᠦᠢᠴᠡᠳᠭᠡᠨ᠂ ᠵᠠᠷᠤᠳ ᠬᠤᠰᠢᠭᠤᠨ ᠤ ᠡᠯ᠎ᠠ ᠲᠥᠷᠥᠯ ᠦᠨ ᠠᠵᠢᠯ ᠦᠢᠯᠡᠰ ᠦᠨ ᠬᠦᠭ᠍ᠵᠢᠯᠳ᠋ᠡ ᠶᠢ ᠠᠬᠢᠭᠤᠯᠬᠤ ᠳᠤ ᠥᠪᠡᠷ ᠦᠨ ᠤᠶᠤᠨ ᠤᠬᠠᠭᠠᠨ ᠪᠠ ᠬᠦᠴᠦᠨ ᠴᠢᠳ᠋ᠠᠯ ᠶᠢᠡᠨ ᠡᠷᠭᠦᠨ᠎ᠠ ᠭᠡᠵᠦ ᠢᠯᠡᠳᠭᠡᠵᠡᠭᠡᠪᠡ᠃ (ᠨᠠᠢ᠌ᠷᠠᠭᠤᠯᠤᠭᠴᠢ᠄ ᠯᠸᠢ ᠫᠠᠩ)

ᠡᠮᠦᠨᠡᠬᠢ᠄ ᠵᠠᠷᠤᠳ ᠬᠤᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠵᠢᠷᠭᠤᠳ᠋ᠤᠭᠠᠷ ᠬᠤᠷᠠᠯ ᠬᠤᠷᠠᠯᠳ᠋ᠤᠪᠠ
ᠳᠠᠷᠠᠭᠠᠬᠢ᠄ ᠵᠠᠷᠤᠳ ᠬᠣᠰᠢᠭᠤᠨ ᠤ ᠠᠷᠪᠠᠨ ᠳᠣᠯᠣᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢᠳ ᠦᠨ ᠶᠡᠬᠡ ᠬᠤᠷᠠᠯ ᠤᠨ ᠬᠣᠶᠠᠳ᠋ᠤᠭᠠᠷ ᠤᠳ᠋ᠠᠭᠠᠨ ᠤ ᠬᠤᠷᠠᠯᠳ᠋ᠤᠭᠠᠨ ᠤ ᠬᠤᠷᠠᠯᠳ᠋ᠤᠭᠤᠯᠤᠭᠴᠢ ᠶᠢᠨ ᠬᠤᠷᠠᠯ ᠬᠤᠷᠠᠯᠳ᠋ᠤᠪᠠ