ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠤᠳ᠋ᠤᠷᠢᠳ᠋ᠤᠯᠭ᠎ᠠ ᠪᠤᠯᠭᠤᠭᠠᠨ ᠲᠤᠬᠤᠨᠢᠭᠤᠯᠬᠤ ᠠᠵᠢᠯᠯᠠᠭ᠎ᠠ ᠦᠷᠨᠢᠭᠦᠯᠪᠡ

ᠴᠠᠭᠠᠨ ᠰᠠᠷ᠎ᠠ ᠬᠦᠷᠴᠦ ᠢᠷᠡᠬᠦ ᠲᠠᠰᠢᠷᠠᠮ ᠶᠢᠡᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠦ ᠴᠢᠩ ᠬᠠᠢ ᠵᠡᠷᠭᠡ ᠭᠠᠵᠠᠷ ᠤᠨ ᠲᠡᠰ ᠦᠨ ᠤᠳ᠋ᠤᠷᠢᠳ᠋ᠤᠯᠭ᠎ᠠ ᠨᠡᠷ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠠᠵᠢᠯ ᠡᠴᠡ ᠪᠠᠨ ᠲᠠᠷᠬᠠᠯᠠᠭᠳ᠋ᠠᠭᠰᠠᠨ ᠠᠵᠢᠯ ᠡᠴᠡ ᠪᠡᠨ ᠠᠮᠠᠷᠠᠭᠰᠠᠨ ᠠᠬᠠᠮᠠᠳ ᠺᠠᠳ᠋ᠷ ᠪᠤᠯᠤᠨ ᠦᠩᠭᠡᠷᠡᠭ᠍ᠰᠡᠨ ᠬᠤᠭᠤᠴᠠᠭ᠎ᠠ ᠶᠢᠨ ᠪᠦᠬᠦ ᠣᠯᠣᠰ ᠤᠨ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠲᠦ᠋ᠯᠦᠭᠡᠯᠡᠭ᠍ᠴᠢᠳ ᠢ ᠪᠤᠯᠭᠤᠭᠠᠨ ᠲᠤᠬᠤᠨᠢᠭᠤᠯᠵᠤ᠂ ᠲᠡᠳ᠋ᠡᠨ ᠳ᠋ᠦ ᠨᠠᠮ ᠪᠣᠯᠣᠨ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠬᠠᠢ᠌ᠷ᠎ᠠ ᠬᠠᠯᠠᠮᠵᠢ ᠶᠢ ᠬᠦᠷᠭᠡᠭ᠍ᠰᠡᠨ ᠪᠦᠭᠡᠳ ᠴᠢᠩ ᠰᠡᠳᠬᠢᠯ ᠦᠨ ᠮᠡᠨᠳ᠋ᠦᠴᠢᠯᠡᠯ ᠪᠣᠯᠣᠨ ᠡᠷᠬᠢᠮ ᠲᠡᠭᠡᠳ᠋ᠦ ᠬᠦᠨᠳ᠋ᠦᠳᠭᠡᠯ ᠲᠡᠪᠰᠢᠭᠦᠯᠪᠡ᠃



ᠬᠦᠷᠦᠭ᠍ᠰᠡᠨ ᠭᠠᠵᠠᠷ ᠪᠣᠯᠭᠠᠨ ᠳᠤ᠂ ᠡᠦ ᠴᠢᠩ ᠬᠠᠢ ᠨᠡᠷ ᠲᠡᠳ᠋ᠡᠨ ᠦ ᠪᠡᠶ᠎ᠠ ᠮᠠᠬᠠᠪᠤᠳ ᠤᠨ ᠪᠠᠢ᠌ᠳ᠋ᠠᠯ ᠪᠣᠯᠣᠨ ᠠᠮᠢᠳ᠋ᠤᠷᠠᠯ ᠤᠨ ᠪᠠᠢ᠌ᠳ᠋ᠠᠯ ᠢ ᠬᠠᠯᠠᠮᠵᠢᠯᠡᠨ ᠠᠰᠠᠭᠤᠵᠤ᠂ ᠲᠡᠳ᠋ᠡᠨ ᠲᠡᠶ ᠬᠠᠮᠳ᠋ᠤ ᠦᠩᠭᠡᠷᠡᠭ᠍ᠰᠡᠨ ᠵᠢᠠᠨ ᠡᠷᠭᠢᠴᠡᠭᠦᠯᠦᠨ᠂ ᠦᠨᠦᠳ᠋ᠦᠷ ᠵᠢᠠᠨ ᠪᠠᠷᠠᠯᠠᠵᠤ᠂ ᠢᠷᠡᠭᠡᠳ᠋ᠦᠢ ᠪᠡᠨ ᠲᠡᠯᠭᠡᠨ᠂ ᠲᠡᠳ᠋ᠡᠨ ᠦ ᠵᠠᠷᠤᠳ ᠬᠣᠰᠢᠭᠤᠨ ᠤ ᠬᠦᠭ᠍ᠵᠢᠯᠳ᠋ᠡ ᠶᠢᠨ ᠲᠤᠬᠠᠢ ᠰᠠᠨᠠᠯ ᠰᠠᠨᠠᠭᠤᠯᠭ᠎ᠠ ᠶᠢ ᠰᠤᠨᠤᠰᠴᠦ᠂ ᠪᠦᠬᠦ ᠬᠣᠰᠢᠭᠤᠨ ᠤ ᠠᠵᠤ ᠠᠬᠤᠢ ᠨᠡᠢ᠌ᠭᠡᠮ ᠦᠨ ᠬᠦᠭ᠍ᠵᠢᠯᠳ᠋ᠡ ᠳ᠋ᠦ ᠦᠵᠡᠭᠦᠯᠦᠭ᠍ᠰᠡᠨ ᠬᠤᠪᠢ ᠨᠡᠮᠡᠷᠢ ᠳ᠋ᠦ ᠲᠠᠯᠠᠷᠬᠠᠵᠤ ᠪᠠᠢ᠌ᠬᠤ ᠪᠠᠨ ᠢᠯᠡᠳᠭᠡᠭ᠍ᠰᠡᠨ ᠪᠦᠭᠡᠳ ᠤᠯᠠᠨ ᠶᠢᠡᠷ ᠶᠢᠡᠨ ᠪᠦᠬᠦ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠠᠵᠢᠯ ᠢ ᠦᠷᠭᠦᠯᠵᠢᠯᠡᠨ ᠬᠠᠯᠠᠮᠵᠢᠯᠡᠨ ᠲᠡᠮᠵᠢᠵᠤ᠂ ᠪᠦᠬᠦ ᠬᠣᠰᠢᠭᠤᠨ ᠤ ᠡᠯ᠎ᠠ ᠲᠦ᠋ᠷᠥᠯ ᠦᠨ ᠠᠵᠢᠯ ᠦᠢᠯᠡᠰ ᠦᠨ ᠴᠢᠨᠠᠷ ᠰᠠᠢ᠌ᠲᠠᠢ ᠬᠦᠭ᠍ᠵᠢᠯᠳ᠋ᠡ ᠪᠣᠯᠣᠨ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠠᠵᠢᠯ ᠢ ᠠᠬᠢᠭᠤᠯᠬᠤ ᠳᠤ ᠰᠠᠨᠠᠯ ᠰᠠᠨᠠᠭᠤᠯᠭ᠎ᠠ ᠪᠠᠨ ᠲᠡᠪᠰᠢᠭᠦᠯᠬᠦ ᠶᠢ ᠬᠦᠰᠡᠪᠡ᠃ (ᠨᠠᠢ᠌ᠷᠠᠭᠤᠯᠤᠭᠴᠢ᠄ ᠯᠸᠢ ᠫᠠᠩ)