ᠲᠤᠯᠤᠲᠤ ᠰᠤᠮᠤ ᠶᠢᠨ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠠᠮᠵᠢᠯᠳ᠋ᠡ ᠲᠡᠶ ᠬᠤᠷᠠᠯᠳ᠋ᠤᠪᠠ

3 ᠰᠠᠷ᠎ᠠ ᠶᠢᠨ 5 ᠦ ᠡᠳ᠋ᠦᠷ ᠡᠴᠡ 6 ᠤ ᠡᠳ᠋ᠦᠷ ᠪᠣᠯᠳ᠋ᠠᠯ᠎ᠠ᠂ ᠲᠤᠯᠤᠲᠤ ᠰᠤᠮᠤ ᠶᠢᠨ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠠᠮᠵᠢᠯᠳ᠋ᠡ ᠲᠡᠶ ᠬᠤᠷᠠᠯᠳ᠋ᠤᠵᠤ᠂ ᠬᠤᠷᠠᠯ ᠳᠤ ᠤᠷᠤᠯᠴᠠᠬᠤ ᠶᠤᠰᠤᠲᠠᠢ ᠲᠦ᠋ᠯᠦᠭᠡᠯᠡᠭ᠍ᠴᠢ 52 ᠬᠦᠮᠦᠨ᠂ ᠪᠤᠳ᠋ᠠᠳ᠋ᠠᠢ ᠤᠷᠤᠯᠴᠠᠭᠰᠠᠨ ᠨᠢ 47 ᠲᠦ᠋ᠯᠦᠭᠡᠯᠡᠭ᠍ᠴᠢ ᠪᠠᠢ᠌ᠵᠤ᠂ ᠬᠠᠦᠯᠢ ᠳᠤ ᠲᠤᠭᠳ᠋ᠠᠭᠰᠠᠨ ᠬᠦᠮᠦᠨ ᠦ ᠲᠤᠭᠠᠨ ᠳᠤ ᠨᠡᠢ᠌ᠴᠡᠪᠡ᠃




ᠬᠤᠷᠠᠯ ᠲᠡᠭᠡᠷ᠎ᠠ《2022 ᠣᠨ ᠤ ᠠᠷᠠᠳ ᠤᠨ ᠵᠠᠰᠠᠭ ᠤᠨ ᠣᠷᠳ᠋ᠤᠨ ᠤ ᠠᠵᠢᠯ ᠤᠨ ᠢᠯᠡᠳᠭᠡᠯ》《2022 ᠣᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠲᠡᠷᠢᠭᠦᠯᠡᠭ᠍ᠴᠢᠳ ᠦᠨ ᠪᠦᠯᠬᠦᠮ ᠦᠨ ᠠᠵᠢᠯ ᠤᠨ ᠮᠡᠳ᠋ᠡᠭᠦᠯᠦᠯᠳ᠋ᠡ》《2022 ᠣᠨ ᠤ ᠪᠦᠬᠦ ᠰᠤᠮᠤ ᠶᠢᠨ ᠠᠷᠠᠳ ᠤᠨ ᠠᠮᠢᠳ᠋ᠤᠷᠠᠯ ᠤᠨ ᠪᠣᠳ᠋ᠠᠳ᠋ᠤ ᠶᠠᠪᠤᠳ᠋ᠠᠯ ᠤᠨ ᠲᠥᠷᠦᠯ ᠵᠦ᠋ᠢᠯ ᠢ ᠬᠡᠷᠡᠭ᠍ᠵᠢᠭᠦᠯᠦᠭ᠍ᠰᠡᠨ ᠪᠠᠢ᠌ᠳ᠋ᠠᠯ ᠤᠨ ᠲᠤᠬᠠᠢ ᠮᠡᠳ᠋ᠡᠭᠦᠯᠦᠯᠳ᠋ᠡ》《ᠲᠤᠯᠤᠲᠤ ᠰᠤᠮᠤ ᠶᠢᠨ 2022 ᠣᠨ ᠤ ᠡᠳ᠋ ᠦᠨ ᠵᠠᠰᠠᠭ ᠤᠨ ᠲᠦ᠋ᠰᠦᠪ ᠢ ᠭᠦᠢᠴᠡᠳᠭᠡᠭ᠍ᠰᠡᠨ ᠪᠠᠢ᠌ᠳ᠋ᠠᠯ ᠪᠤᠯᠤᠨ 2023 ᠣᠨ ᠤ ᠡᠳ᠋ ᠦᠨ ᠵᠠᠰᠠᠭ ᠤᠨ ᠲᠦ᠋ᠰᠦᠪ (ᠲᠦ᠋ᠰᠦᠯ ) ᠤᠨ ᠮᠡᠳ᠋ᠡᠭᠦᠯᠦᠯᠳ᠋ᠡ》 ᠵᠡᠷᠭᠡ ᠶᠢ ᠰᠤᠨᠤᠰᠴᠦ ᠬᠢᠨᠠᠨ ᠵᠦ᠋ᠪᠯᠡᠪᠡ᠃ (ᠯᠸᠢ ᠫᠠᠩ)