ᠭᠠᠬᠠᠢ᠌ᠳ᠋ᠤ ᠪᠠᠯᠭᠠᠰᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠠᠮᠵᠢᠯᠳ᠋ᠡ ᠲᠡᠶ ᠬᠤᠷᠠᠯᠳ᠋ᠤᠪᠠ


3 ᠰᠠᠷ᠎ᠠ ᠶᠢᠨ 9 ᠤ ᠡᠳ᠋ᠦᠷ ᠡᠴᠡ10 ᠤ ᠡᠳ᠋ᠦᠷ ᠪᠣᠯᠳ᠋ᠠᠯ᠎ᠠ᠂ ᠭᠠᠬᠠᠢ᠌ᠳ᠋ᠤ ᠪᠠᠯᠭᠠᠰᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠠᠮᠵᠢᠯᠳ᠋ᠡ ᠲᠡᠶ ᠬᠤᠷᠠᠯᠳ᠋ᠤᠵᠤ᠂ ᠬᠤᠷᠠᠯ ᠳᠤ ᠤᠷᠤᠯᠴᠠᠬᠤ ᠶᠤᠰᠤᠲᠠᠢ ᠲᠥᠯᠦᠭᠡᠯᠡᠭ᠍ᠴᠢ 59 ᠬᠥᠮᠦᠨ᠂ ᠪᠣᠳ᠋ᠠᠳ᠋ᠠᠢ ᠤᠷᠤᠯᠴᠠᠭᠰᠠᠨ ᠨᠢ 52 ᠲᠦ᠋ᠯᠦᠭᠡᠯᠡᠭ᠍ᠴᠢ᠂ ᠬᠠᠦᠯᠢ ᠳᠤ ᠲᠤᠭᠳ᠋ᠠᠭᠰᠠᠨ ᠬᠦᠮᠦᠨ ᠦ ᠲᠤᠭᠠᠨ ᠳ᠋ᠦ ᠨᠡᠢ᠌ᠴᠡᠪᠡ᠃


ᠬᠤᠷᠠᠯ ᠲᠡᠭᠡᠷ᠎ᠠ《ᠭᠠᠬᠠᠢ᠌ᠳ᠋ᠤ ᠪᠠᠯᠭᠠᠰᠤᠨ ᠤ ᠠᠷᠠᠳ ᠤᠨ ᠵᠠᠰᠠᠭ ᠤᠨ ᠣᠷᠳ᠋ᠤᠨ ᠤ ᠠᠵᠢᠯ ᠤᠨ ᠢᠯᠡᠳᠭᠡᠯ》《ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠲᠡᠷᠢᠭᠦᠯᠡᠭ᠍ᠴᠢᠳ ᠦᠨ ᠪᠦᠯᠬᠦᠮ ᠦᠨ ᠠᠵᠢᠯ ᠤᠨ ᠮᠡᠳ᠋ᠡᠭᠦᠯᠦᠯᠳ᠋ᠡ》《2022 ᠣᠨ ᠤ ᠠᠷᠠᠳ ᠤᠨ ᠠᠮᠢᠳ᠋ᠤᠷᠠᠯ ᠤᠨ ᠪᠣᠳ᠋ᠠᠳ᠋ᠤ ᠶᠠᠪᠤᠳ᠋ᠠᠯ ᠤᠨ ᠲᠥᠷᠦᠯ ᠵᠦ᠋ᠢᠯ ᠢ ᠪᠡᠶᠡᠯᠡᠭᠦᠯᠦᠭ᠍ᠰᠡᠨ ᠪᠠᠢ᠌ᠳ᠋ᠠᠯ ᠪᠠ 2023 ᠣᠨ ᠤ ᠠᠷᠠᠳ ᠤᠨ ᠠᠮᠢᠳ᠋ᠤᠷᠠᠯ ᠤᠨ ᠪᠣᠳ᠋ᠠᠳ᠋ᠤ ᠶᠠᠪᠤᠳ᠋ᠠᠯ ᠤᠨ ᠲᠥᠷᠦᠯ ᠵᠦ᠋ᠢᠯ ᠦᠨ ᠵᠢᠱᠢᠭ᠍ᠳ᠋ᠡᠭ᠍ᠰᠡᠨ ᠲᠥᠷᠦᠯ ᠵᠦ᠋ᠢᠯ ᠦᠨ ᠪᠦᠷᠢᠯᠳ᠋ᠦᠭ᠍ᠰᠡᠨ ᠪᠠᠢ᠌ᠳ᠋ᠠᠯ ᠤᠨ ᠮᠡᠳ᠋ᠡᠭᠦᠯᠦᠯᠳ᠋ᠡ》 ᠶᠢ ᠰᠤᠨᠤᠰᠤᠨ ᠬᠢᠨᠠᠨ ᠵᠦ᠋ᠪᠯᠡᠬᠦ ᠶᠢᠨ ᠬᠠᠮᠳ᠋ᠤ ᠡᠳ᠋ ᠦᠨ ᠵᠠᠰᠠᠭ ᠤᠨ ᠠᠵᠢᠯ ᠤᠨ ᠮᠡᠳ᠋ᠡᠭᠦᠯᠦᠯᠳ᠋ᠡ ᠶᠢ ᠪᠢᠴᠢᠭ᠌ ᠦᠨ ᠬᠡᠯᠪᠡᠷᠢ ᠪᠡᠷ ᠬᠢᠨᠠᠨ ᠵᠦ᠋ᠪᠯᠡᠭ᠍ᠰᠡᠨ ᠪᠦᠭᠡᠳ 2023 ᠣᠨ ᠤ 2 ᠠᠷᠠᠳ ᠤᠨ ᠠᠮᠢᠳ᠋ᠤᠷᠠᠯ ᠤᠨ ᠪᠣᠳ᠋ᠠᠳ᠋ᠤ ᠶᠠᠪᠤᠳ᠋ᠠᠯ ᠤᠨ ᠲᠥᠷᠦᠯ ᠵᠦ᠋ᠢᠯ ᠢ ᠪᠢᠯᠸᠲ ᠦᠭ᠍ᠴᠦ ᠲᠤᠭᠳ᠋ᠠᠭᠠᠪᠠ᠃ (ᠯᠸᠢ ᠫᠠᠩ)