ᠦᠨᠡᠭᠡᠴᠢ ᠰᠤᠮᠤ ᠠᠷᠠᠳ ᠤᠨ ᠲᠥᠯᠦᠭᠡᠯᠡᠭ᠍ᠴᠢᠳ ᠦᠨ ᠦᠢᠯᠡᠳ᠋ᠦᠯ ᠢ ᠪᠠᠳ᠋ᠠᠷᠠᠭᠤᠯᠵᠤ ᠲᠤᠰᠬᠤᠨ ᠤ ᠬᠠᠮᠳ᠋ᠤ ᠶᠢᠨ ᠠᠵᠤ ᠠᠬᠤᠢ ᠶᠢᠨ ᠬᠦᠭ᠍ᠵᠢᠯᠳ᠋ᠡ ᠳ᠋ᠦ ᠬᠦᠴᠦᠨ ᠨᠡᠮᠡᠷᠢᠯᠡᠵᠦ ᠪᠠᠢ᠌ᠭ᠎ᠠ
2022 ᠣᠨ ᠡᠴᠡ ᠨᠠᠭᠠᠰᠢ᠂ ᠦᠨᠡᠭᠡᠴᠢ ᠰᠤᠮᠤ ᠶᠢᠨ ᠠᠷᠠᠳ ᠤᠨ ᠲᠥᠯᠦᠭᠡᠯᠡᠭ᠍ᠴᠢᠳ ᠦᠨ ᠶᠡᠬᠡ ᠬᠤᠷᠠᠯ ᠤᠨ ᠲᠡᠷᠢᠭᠦᠯᠡᠭ᠍ᠴᠢᠳ ᠦᠨ ᠪᠦᠯᠬᠦᠮ ᠲᠤᠰᠬᠤᠨ ᠤ ᠱᠠᠳ᠋ᠤᠨ ᠤ ᠬᠠᠮᠳ᠋ᠤ ᠶᠢᠨ ᠠᠵᠤ ᠠᠬᠤᠢ ᠶᠢᠨ ᠤᠷᠤᠯᠭ᠎ᠠ ᠶᠢ ᠨᠡᠮᠡᠭ᠍ᠳ᠋ᠡᠭᠦᠯᠬᠦ ᠶᠢ ᠨᠢᠭᠡ ᠵᠦ᠋ᠢᠯ ᠦᠨ ᠭᠤᠤᠯᠳ᠋ᠠᠯᠭ᠎ᠠ ᠲᠡᠶ ᠠᠵᠢᠯ ᠪᠣᠯᠭᠠᠨ᠂ 《ᠪᠡᠯᠡ ᠮᠦ᠋ᠩᠬᠦ ᠡᠳ᠋ ᠬᠦᠷᠦᠩᠬᠡ ᠡᠬᠢ ᠪᠠᠶᠠᠯᠢᠭ》 ᠢ ᠢᠯᠭᠠᠷᠠᠭᠤᠯᠤᠨ ᠪᠠᠢ᠌ᠴᠠᠭᠠᠬᠤ ᠠᠵᠢᠯ ᠤᠨ ᠱᠠᠭᠠᠷᠳ᠋ᠠᠯᠭ᠎ᠠ ᠪᠠᠷ᠂ ᠡᠯ᠎ᠠ ᠲᠠᠯ᠎ᠠ ᠶᠢᠨ ᠬᠠᠮᠳ᠋ᠤ ᠶᠢᠨ ᠴᠢᠷᠮᠠᠢ᠌ᠯᠭ᠎ᠠ ᠪᠠᠷ ᠲᠠᠮᠵᠢᠨ᠂ 2022 ᠣᠨ ᠳᠤ ᠰᠤᠮᠤᠨ ᠤ ᠬᠠᠷᠢᠶᠠᠳ᠋ᠤ ᠤᠷᠤᠨ ᠤ 10 ᠭᠠᠴᠠᠭ᠎ᠠ ᠲᠤᠰᠬᠤᠨ ᠤ ᠬᠠᠮᠳ᠋ᠤ ᠶᠢᠨ ᠠᠵᠤ ᠠᠬᠤᠢ ᠶᠢᠨ ᠤᠷᠤᠯᠭ᠎ᠠ ᠨᠢ ᠪᠦᠬᠦᠨ ᠶᠢᠡᠷ ᠢᠶᠡᠨ 10 ᠲᠦ᠋ᠮᠡᠨ ᠲᠥᠭᠦᠷᠢᠭ᠌ ᠢ ᠲᠠᠪᠠᠵᠦ᠂ ᠶᠡᠷᠦᠩᠬᠡᠢ ᠲᠣᠭ᠎ᠠ ᠨᠢ 157 ᠲᠥᠮᠡᠨ ᠲᠥᠭᠦᠷᠢᠭ᠌ ᠲᠤ ᠬᠦᠷᠴᠦ᠂ ᠲᠡᠭᠡᠷ᠎ᠠ ᠵᠢᠯ ᠤᠨ ᠬᠢ ᠡᠴᠡ ᠬᠤᠶᠠᠷ ᠲᠠᠬᠢᠨ ᠨᠡᠮᠡᠭ᠍ᠳ᠋ᠡᠪᠡ᠃
2023ᠣᠨ ᠤ 3 ᠰᠠᠷ᠎ᠠ ᠶᠢᠨ 10 ᠤ ᠡᠳ᠋ᠦᠷ᠂ ᠪᠠᠶᠠᠨᠬᠤᠸᠠ ᠭᠠᠴᠠᠭ᠎ᠠ ᠬᠠᠮᠳ᠋ᠤ ᠶᠢᠨ ᠭᠠᠵᠠᠷ ᠰᠢᠷᠤᠢ ᠶᠢᠨ ᠲᠠᠭᠠᠭᠠᠴᠢᠯᠡᠯᠳ᠋ᠡ ᠵᠠᠷᠯᠠᠵᠦ ᠦᠨ᠎ᠠ ᠬᠠᠶᠠᠯᠴᠠᠬᠤ ᠲᠤᠬᠠᠢ ᠶᠢᠨ ᠲᠠᠯᠠᠪᠤᠷ ᠤᠨ ᠬᠤᠷᠠᠯ ᠲᠡᠭᠡᠷ᠎ᠠ᠂ 601 ᠮᠦ ᠭᠠᠵᠠᠷ ᠢ 31.11 ᠲᠦ᠋ᠮᠡᠨ ᠲᠥᠭᠦᠷᠢᠭ᠌ ᠶᠢᠡᠷ ᠠᠷᠠᠯᠵᠢᠶᠠᠯᠠᠵᠦ᠂ ᠠᠷᠠᠯᠵᠢᠶᠠᠯᠠᠭᠰᠠᠨ ᠦᠨ᠎ᠠ ᠨᠢ ᠨᠢᠳ᠋ᠤᠨᠤᠨ ᠤ ᠠᠳ᠋ᠠᠯᠢ ᠬᠤᠭᠤᠴᠠᠭᠠᠨ ᠤ ᠬᠢ ᠲᠡᠶ ᠬᠠᠷᠢᠴᠠᠭᠤᠯᠪᠡᠯ᠂ ᠲᠤᠮᠳ᠋ᠠᠴᠢ ᠪᠠᠷ 31.87% ᠨᠡᠮᠡᠭ᠍ᠳ᠋ᠡᠨ᠂ ᠭᠠᠴᠠᠭᠠᠨ ᠤ ᠬᠠᠮᠳ᠋ᠤ ᠶᠢᠨ ᠤᠷᠤᠯᠭ᠎ᠠ 18.11 ᠲᠦ᠋ᠮᠡᠨ ᠲᠥᠭᠦᠷᠢᠭ᠌ ᠨᠡᠮᠡᠭ᠍ᠳ᠋ᠡᠵᠦ᠂ ᠨᠡᠮᠡᠭ᠍ᠳ᠋ᠡᠯ ᠦᠨ ᠨᠤᠷᠮ᠎ᠠ ᠨᠢ 139.31% ᠳ᠋ᠦ ᠬᠦᠷᠴᠦ᠂ ᠬᠠᠮᠳ᠋ᠤ ᠶᠢᠨ ᠠᠵᠤ ᠠᠬᠤᠢ ᠶᠢᠨ ᠬᠦᠭ᠍ᠵᠢᠯᠳ᠋ᠡ ᠢᠯᠡᠳᠳ᠋ᠡ ᠥᠷ᠎ᠠ ᠪᠦᠳ᠋ᠦᠮᠵᠢ ᠣᠯᠵᠤ᠂ ᠦᠨᠡᠨ ᠪᠣᠳ᠋ᠠᠳ᠋ᠠᠢ ᠠᠵᠢᠯᠯᠠᠭ᠎ᠠ ᠪᠠᠷ ᠶᠢᠡᠨ ᠬᠦᠳ᠋ᠡᠭᠡ ᠲᠤᠰᠬᠤᠨ ᠢ ᠬᠦᠭ᠍ᠵᠢᠭᠦᠯᠦᠨ ᠮᠠᠨᠳ᠋ᠤᠭᠤᠯᠬᠤ ᠶᠢᠨ ᠦᠢᠯᠡᠳ᠋ᠦᠯᠭᠡᠵᠢᠭᠦᠯᠦᠭ᠍ᠴᠢ ᠪᠣᠯᠪᠠ᠃ (ᠯᠸᠢ ᠫᠠᠩ)