ᠤᠳᠤ ᠶᠢᠨ ᠪᠠᠢ᠌ᠷᠢ᠄ ᠲᠦᠯᠤᠭᠡᠯᠡᠭᠴᠢ ᠶᠢᠨ ᠭᠡᠷ ᠪᠦᠯᠢ → ᠮᠢᠨᠤ ᠮᠦᠷᠤᠨ ᠳᠡᠭᠡᠨ ᠡᠬᠦᠷᠭᠡᠯᠡᠵᠤ ᠶᠠᠪᠤᠭ᠎ᠠ᠁
ᠮᠢᠨᠤ ᠮᠦᠷᠤᠨ ᠳᠡᠭᠡᠨ ᠡᠬᠦᠷᠭᠡᠯᠡᠵᠤ ᠶᠠᠪᠤᠭ᠎ᠠ ᠪᠤᠯ ᠮᠠᠯᠴᠢᠨ ᠲᠦᠮᠨᠨ ᠤ ᠴᠢᠨᠡᠭᠡᠯᠢᠭ᠍ᠵᠢᠯ ᠤᠨ ᠵᠡᠬᠦᠳᠤ ᠮᠦᠨ ᠎——ᠡᠤ ᠶᠦᠨ ᠪᠦᠸᠸ

ᠡᠤ ᠶᠦᠨ ᠪᠦᠸᠸ ᠪᠤᠯ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠤᠭᠡᠯᠡᠭᠴᠢ᠂ ᠮᠦᠨᠴᠤ ᠵᠠᠷᠤᠤᠨ ᠬᠤᠰᠢᠭᠤᠨ ᠤ ᠪᠠᠶᠠᠨᠳᠠᠯ᠎ᠠ ᠰᠤᠮᠤ ᠶᠢᠨ ᠵᠡᠬᠦᠨ ᠰᠠᠯᠠᠭ᠎ᠠ ᠭᠠᠴᠠᠭ᠎ᠠ ᠶᠢᠨ ᠨᠠᠮ ᠤᠨ ᠡᠬᠦᠷ ᠤᠨ ᠱᠦᠵᠢ᠂ ᠭᠠᠴᠠᠭᠠᠨ ᠵᠦᠪᠯᠡᠯ ᠤᠨ ᠡᠷᠬᠢᠯᠡᠭᠴᠢ ᠶᠢᠨ ᠲᠤᠰᠢᠶᠠᠯ ᠢ ᠬᠠᠪᠰᠤᠷᠭᠠᠵᠤ ᠪᠠᠢᠳᠠᠭ ᠪᠦᠭᠡᠳ ᠮᠠᠯᠴᠢᠨ ᠠᠢᠯ ᠲᠠᠵᠢᠭᠡᠪᠤᠷᠢ ᠶᠢᠨ ᠲᠤᠰᠬᠠᠢ ᠬᠤᠷᠰᠢᠶᠠᠵᠢᠯ ᠤᠨ ᠭᠡᠷᠡᠭ ᠡᠷᠬᠢᠯᠡᠭᠴᠢ ᠶᠢᠨ ᠲᠠᠷᠤᠭ᠎ᠠ ᠪᠤᠯᠤᠨ᠎ᠡ᠃ᠲᠠᠷᠨ ᠭᠡᠯᠡᠭᠰᠨᠨ ᠨᠢ᠂ ᠠᠷᠠᠳ ᠤᠨ ᠲᠦᠯᠤᠭᠡᠯᠡᠭᠴᠢ ᠪᠡᠷ ᠰᠤᠩᠭᠤᠭᠳᠠᠭᠰᠨᠨ ᠲᠠᠷᠡᠬᠦ ᠴᠠᠭ ᠮᠦᠴᠨ ᠡᠴᠨ ᠡᠬᠢᠯᠨᠨ ᠮᠢᠨᠤ ᠮᠦᠷᠤᠨ ᠳᠡᠭᠡᠨ ᠡᠬᠦᠷᠭᠡᠯᠡᠵᠤ ᠶᠠᠪᠤᠭ᠎ᠠ ᠪᠤᠯ ᠮᠠᠯᠴᠢᠨ ᠲᠦᠮᠨᠨ ᠤ ᠴᠢᠨᠡᠭᠡᠯᠢᠭ᠍ᠵᠢᠯ ᠤᠨ ᠵᠡᠬᠦᠳᠤ ᠮᠦᠨ᠂ ᠡᠨᠡ ᠪᠤᠯ ᠮᠠᠯᠴᠢᠨ ᠲᠦᠮᠨᠨ ᠡᠴᠨ ᠨᠠᠮᠠᠢ᠍ᠢ ᠲᠦᠯᠤᠭᠡᠯᠡᠭᠴᠢ ᠪᠡᠷ ᠰᠤᠩᠭᠤᠭᠰᠨᠨ ᠬᠠᠮᠤᠭ ᠰᠠᠢᠬᠠᠨ ᠬᠠᠮᠤᠭ ᠦᠨᠡᠨ ᠪᠤᠳᠠᠳᠠᠢ ᠬᠦᠰᠡᠯ ᠪᠤᠯᠤᠨ᠎ᠡ᠃

ᠵᠡᠬᠦᠨ ᠰᠠᠯᠠᠭ᠎ᠠ ᠭᠠᠴᠠᠭ᠎ᠠ ᠪᠤᠯ ᠨᠢᠭᠡᠨ ᠮᠠᠯ ᠠᠵᠤ ᠠᠬᠤᠢ ᠲᠠᠵᠢᠭᠡᠪᠤᠷᠢ ᠪᠡᠷ ᠭᠤᠤᠯ ᠪᠤᠯᠭᠠᠰᠨᠨ ᠲᠠᠷᠢᠶᠠᠯᠠᠩ ᠮᠠᠯ ᠠᠵᠤ ᠠᠬᠤᠢ ᠤᠶᠠᠯᠳᠤᠭᠰᠨᠨ ᠦᠨᠳᠤᠰᠤᠳᠠᠨ ᠤ ᠭᠠᠴᠠᠭ᠎ᠠ ᠪᠤᠯᠤᠨ᠎ᠡ᠂ ᠡᠨᠳᠠ ᠬᠠᠳᠤᠯᠠᠩ ᠪᠡᠯᠴᠢᠭᠡᠷ ᠪᠠᠭ᠎ᠠ᠂ ᠭᠠᠵᠠᠷ ᠤᠷᠤᠨ ᠪᠦᠢᠳᠠ ᠪᠦᠭᠯᠡᠬᠦᠤ ᠪᠠᠢᠵᠤ᠂ ᠵᠦᠪᠭᠡᠨ ᠠᠵᠤ ᠤᠢᠯᠡᠰ ᠤᠨ ᠪᠦᠳᠤᠴᠨ ᠳᠡᠭᠡᠨ ᠲᠤᠬᠢᠷᠠᠭᠤᠯᠤᠯᠳᠠ ᠬᠢᠵᠤ᠂ ᠰᠢᠨᠵᠢᠯᠡᠬᠦ ᠤᠬᠠᠭᠠᠨᠴᠢ ᠪᠡᠷ ᠬᠦᠭᠵᠢᠬᠦ ᠪᠤᠯ ᠴᠤᠷᠢ ᠶᠢᠨ ᠭᠠᠭᠴᠨ ᠵᠠᠮ ᠮᠦᠨ᠃ ᠡᠢᠮᠤ ᠡᠴᠨ᠂ ᠡᠤ ᠶᠦᠨ ᠪᠦᠸᠸ ᠭᠠᠴᠠᠭᠠᠨ ᠤ ᠺᠠᠳᠠᠷᠴᠤᠤᠨ ᠶᠢᠠᠨ ᠲᠠᠭᠠᠭᠤᠯᠤᠨ ᠤᠯᠨᠨ ᠤᠳᠠᠭ᠎ᠠ ᠭᠠᠳᠠᠭᠰᠢ ᠪᠠᠢᠴᠠᠭᠠᠯᠳᠠ ᠬᠢᠵᠤ ᠰᠤᠷᠤᠯᠴᠠᠵᠤ᠂ ᠨᠢᠭᠡᠨ ᠨᠠᠮ ᠤᠨ ᠡᠬᠦᠷ ᠶᠢᠠᠷ ᠭᠤᠤᠯ ᠪᠤᠯᠭᠠᠭᠰᠨᠨ᠂ ᠶᠠᠳᠠᠭᠤ ᠡᠴᠨ ᠠᠩᠬᠢᠵᠢᠷᠠᠬᠤ ᠵᠠᠮ ᠢ ᠰᠦᠪᠡᠭᠴᠢᠯᠨᠨ ᠤᠯᠤᠭᠰᠨᠨ ᠪᠠᠢᠨ᠎ᠡ᠃ 2013 ᠤᠨ ᠤ 8 ᠰᠠᠷ᠎ᠠ ᠳᠤ᠂ ᠰᠢᠨ᠎ᠡ ᠭᠡᠯᠪᠡᠷᠢ ᠶᠢᠨ ᠲᠠᠷᠢᠶᠠᠴᠢᠨ ᠮᠠᠯᠴᠢᠨ ᠬᠤᠷᠰᠢᠭᠰᠨᠨ ᠵᠤᠬᠢᠶᠠᠨ ᠪᠠᠢᠭᠤᠯᠤᠯᠳᠠ᠎—— ᠮᠠᠯᠴᠢᠨ ᠠᠢᠯ ᠤᠨ ᠲᠠᠵᠢᠭᠡᠪᠤᠷᠢ ᠶᠢᠨ ᠲᠤᠰᠬᠠᠢ ᠬᠤᠷᠰᠢᠶᠠᠵᠢᠯ ᠢ ᠪᠠᠢᠭᠤᠯᠪᠠ᠃ ᠲᠠᠷᠨ ᠡᠷᠬᠢᠴᠡᠬᠦᠯᠬᠦ ᠳᠡᠭᠡᠨ᠂ ᠤᠯᠨᠨ ᠤ ᠡᠷᠡᠭᠡᠯᠵᠡᠯ ᠢ ᠦᠭᠡᠢᠰᠭᠡᠬᠦ ᠶᠢᠨ ᠲᠦᠯᠤᠭᠡ᠂ ᠪᠢ ᠬᠠᠮᠤᠭ ᠲᠠᠷᠢᠬᠦᠨ ᠳᠤ ᠡᠴᠢᠭᠡ ᠶᠢᠨ ᠨᠢᠭᠡ ᠭᠡᠰᠡᠭ ᠮᠤᠳᠤᠨ ᠭᠠᠵᠠᠷ ᠢ ᠬᠤᠷᠰᠢᠶᠠᠵᠢᠯ ᠳᠤ ᠤᠷᠤᠭᠤᠯᠤᠨ ᠰᠠᠭᠤᠷᠢᠨ ᠭᠠᠵᠠᠷ ᠪᠤᠯᠭᠠᠵᠤ᠂ ᠨᠢᠭᠡᠨ ᠰᠠᠭᠤᠷᠢ 3000 ᠲᠠᠭ᠍ᠰᠢ ᠲᠦᠷᠪᠡᠯᠵᠢᠨ ᠮᠸᠲ᠋ᠷ᠂ 500 ᠲᠤᠯᠤᠭᠠᠢ ᠦᠭᠡᠷ ᠲᠠᠵᠢᠭᠡᠵᠤ ᠲᠠᠢᠯᠬᠦ ᠦᠨᠳᠤᠷ ᠪᠠᠷᠢᠮᠵᠢᠶᠠᠳᠤ ᠦᠭᠡᠷ ᠪᠤᠷᠳᠤᠬᠤ ᠹᠸᠩ ᠰᠠᠷᠠᠪᠴᠢ ᠵᠢ ᠪᠠᠢᠭᠤᠯᠵᠤ᠂ ᠬᠠᠮᠳᠤ ᠳᠤᠨᠢ ᠦᠪᠡᠷ ᠤᠨ ᠶᠢᠠᠨ 108 ᠲᠤᠯᠤᠭᠠᠢ ᠮᠠᠯ ᠶᠢᠠᠨ ᠬᠦᠳᠤᠯᠤᠨ ᠠᠪᠠᠴᠢᠵᠤ ᠡᠬᠢᠯᠨᠨ ᠪᠤᠷᠳᠤᠪᠠ᠃ ᠲᠠᠷᠠᠭᠠᠴᠢ ᠪᠡᠷ᠂ 30 ᠢᠯᠡᠬᠦᠤ ᠨᠠᠮ ᠤᠨ ᠭᠡᠰᠢᠬᠦᠨ ᠢ ᠬᠦᠳᠡᠯᠭᠡᠨ ᠡᠷᠤᠭᠡ ᠳᠤ ᠤᠷᠤᠭᠤᠯᠵᠤ᠂ ᠤᠯᠨᠨ ᠲᠦᠮᠨᠨ ᠳᠤ ᠨᠠᠷᠢᠯᠢᠭ ᠲᠠᠰᠪᠤᠷᠢᠳᠠᠢ ᠪᠡᠷ ᠤᠬᠠᠭᠤᠯᠤᠯ ᠤᠨ ᠠᠵᠢᠯ ᠬᠢᠯᠭᠡᠨ᠂ ᠲᠤᠰ ᠭᠠᠴᠠᠭ᠎ᠠ ᠪᠠ ᠵᠡᠷᠭᠡᠯᠳᠡᠭᠡ ᠭᠠᠴᠠᠭ᠎ᠠ ᠲᠤᠰᠬᠤᠨ ᠤ ᠮᠠᠯᠴᠢᠨ ᠡᠷᠤᠭᠡ ᠳᠤ ᠤᠢᠷᠠᠯᠴᠠᠬᠢ ᠪᠡᠯᠴᠢᠭᠡᠷ ᠬᠠᠳᠤᠯᠠᠩ᠂ ᠮᠠᠯ ᠤᠨᠤᠭ᠎ᠠ᠂ ᠪᠡᠯᠨ ᠮᠦᠩᠬᠦ ᠵᠡᠷᠭᠡ ᠪᠠᠨ ᠬᠤᠷᠰᠢᠶᠠᠵᠢᠯ ᠳᠤ ᠬᠤᠪᠢ ᠤᠷᠤᠭᠤᠯᠬᠤ ᠵᠢ ᠵᠢᠯᠤᠭᠤᠳᠤᠨ ᠵᠤᠷᠢᠭᠵᠢᠭᠤᠯᠵᠠᠢ᠂ ᠡᠬᠦᠨ ᠳᠤ ᠭᠠᠵᠠᠷ ᠰᠢᠷᠤᠢ ᠪᠡᠷ ᠬᠤᠪᠢ ᠤᠷᠤᠪᠠᠯ ᠮᠤ ᠪᠦᠷᠢ ᠳᠡᠭᠡᠨ 520 ᠲᠦᠬᠦᠷᠢᠭ᠂ ᠦᠭᠡᠷ ᠮᠡᠯ ᠶᠢᠠᠷ ᠬᠤᠪᠢ ᠤᠷᠤᠪᠠᠯ ᠲᠤᠯᠤᠭᠠᠢ ᠪᠦᠷᠢ ᠳᠡᠭᠡᠨ 7500 ᠲᠦᠬᠦᠷᠢᠭ ᠪᠤᠯᠤᠨ᠎ᠡ᠂ ᠡᠨᠡ ᠨᠢ ᠭᠠᠭᠴᠨ ᠡᠷᠤᠭᠡ ᠪᠡᠷ ᠲᠠᠷᠬᠠᠢ ᠪᠤᠳᠠᠷᠬᠠᠢ ᠡᠵᠡᠩᠨᠡᠵᠤ ᠪᠠᠢᠭᠰᠨᠨ ᠡᠴᠨ ᠪᠠᠨ ᠬᠤᠷᠰᠢᠵᠢᠯᠳᠠ ᠶᠢᠨ ᠭᠡᠪᠴᠢᠶᠡᠨ ᠤ ᠲᠦᠪᠯᠡᠷᠡᠨ ᠡᠵᠡᠩᠨᠡᠯᠳᠠ ᠶᠢᠨ ᠬᠤᠪᠢᠷᠠᠯᠳᠠ ᠵᠢ ᠪᠠᠶᠡᠯᠡᠬᠦᠯᠦᠭᠰᠨᠨ ᠪᠠᠢᠨ᠎ᠡ᠃ᠬᠤᠷᠰᠢᠶᠠᠵᠢᠯ ᠶᠢᠠᠨ ᠪᠤᠵᠠᠭᠠᠢᠷᠠᠭᠤᠯᠬᠤ ᠶᠢᠨ ᠲᠦᠯᠤᠭᠡ᠂ ᠲᠠᠷᠨ ᠮᠠᠯᠴᠢᠨ ᠠᠢᠯ ᠨᠡᠷᠡᠳᠤ ᠲᠠᠮᠳᠡᠭ᠌ ᠡᠴᠨ ᠭᠠᠷᠳᠠᠨ ᠬᠢᠭ᠍ᠰᠡᠡ ᠪᠠᠢᠨ᠎ᠡ᠃ ᠭᠠᠳᠠᠭᠰᠢ ᠪᠠᠨ᠂ 2016 ᠤᠨ ᠳᠤ ᠬᠤᠷᠰᠢᠶᠠᠵᠢᠯ 800 ᠲᠦᠮᠨᠨ ᠲᠦᠬᠦᠷᠢᠭ ᠤᠨ ᠪᠠᠯᠨ ᠤᠷᠤᠯᠠᠭᠤᠯᠵᠤ᠂ ᠯᠦᠪᠸᠢ ᠠᠵᠤ ᠤᠢᠯᠡᠳᠪᠤᠷᠢ ᠶᠢᠨ ᠲᠤᠭᠤᠷᠢᠭ ᠲᠤ ᠢᠳᠡᠭᠡᠨ ᠪᠤᠯᠪᠠᠰᠤᠷᠠᠭᠤᠯᠬᠤ ᠰᠠᠭᠤᠷᠢᠨ ᠭᠠᠵᠠᠷ ᠪᠠᠢᠭᠤᠯᠤᠨ᠂ ᠵᠠᠷᠤᠤᠨ ᠬᠤᠰᠢᠭᠤᠨ ᠤ ᠮᠠᠯᠴᠢᠨ ᠠᠢᠯ ᠢᠳᠡᠭᠡᠨ ᠤ ᠬᠢᠵᠠᠭᠠᠷᠳᠤ ᠺᠤᠮᠫᠠᠨᠢ ᠵᠢ ᠪᠠᠢᠭᠤᠯᠵᠤ᠂ ᠮᠠᠯᠴᠢᠨ ᠠᠢᠯ ᠪᠤᠬᠢᠷᠳᠤᠯ ᠦᠭᠡᠢ ᠪᠦᠳᠤᠭᠡᠭᠳᠡᠬᠦᠨ ᠤ ᠲᠠᠮᠳᠡᠭ᠌ ᠢ ᠲᠠᠩᠰᠡᠯᠨᠨ᠂ ᠬᠤᠷᠰᠢᠶᠠᠵᠢᠯ ᠢ ᠤᠳᠤᠬᠢᠴᠢᠯᠠᠭᠰᠨᠨ᠂ ᠠᠵᠤ ᠤᠢᠯᠡᠰᠵᠢᠬᠦᠯᠤᠯᠳᠠ᠂ ᠨᠡᠷᠡᠳᠤ ᠲᠠᠮᠳᠡᠭ᠌ ᠪᠤᠯᠭᠠᠨ ᠲᠦᠯᠬᠢᠨ ᠬᠦᠭᠵᠢᠬᠦᠯᠦᠭᠰᠨᠨ ᠪᠠᠢᠨ᠎ᠡ᠃ ᠬᠤᠷᠰᠢᠶᠠᠵᠢᠯ ᠶᠢᠠᠨ ᠬᠦᠭᠵᠢᠬᠦᠯᠬᠦ  ᠠᠯᠬᠤᠴᠨ  ᠪᠠᠨ ᠲᠦᠷᠭᠡᠳᠭᠡᠬᠦ ᠶᠢᠨ ᠲᠦᠯᠤᠭᠡ᠂ ᠲᠠᠳᠠ ᠯᠦᠪᠸᠢ ᠪᠠᠯᠭᠠᠰᠤᠨ ᠳᠤ ᠵᠠᠷᠤᠤᠨ ᠬᠤᠰᠢᠭᠤᠨ ᠤ ᠮᠠᠯᠴᠢᠨ ᠠᠢᠯ ᠢᠳᠡᠭᠡᠨ ᠤᠮᠳᠠᠭᠠᠨ ᠤ ᠤᠢᠯᠡᠴᠢᠯᠡᠭᠡᠨ ᠤ ᠬᠢᠵᠠᠭᠠᠷᠳᠤ ᠺᠤᠮᠫᠠᠨᠢ᠂ ᠮᠠᠯᠴᠢᠨ ᠠᠢᠯ ᠪᠤᠬᠢᠷᠳᠤᠯ ᠦᠭᠡᠢ ᠦᠭᠡᠷ ᠤᠨ ᠮᠢᠬᠠᠨ ᠤ ᠰᠢᠭᠤᠤᠨ ᠡᠵᠡᠩᠨᠡᠬᠦ ᠲᠦᠪ ᠢ ᠪᠠᠢᠭᠤᠯᠵᠤ᠂ ᠬᠠᠮᠳᠤ ᠳᠤᠨᠢ᠂ ᠴᠠᠩᠴᠦ᠋ᠨ᠂ ᠨᠢᠩᠪᠦᠸᠸ᠂ ᠶᠠᠨᠲ᠋ᠠᠢ᠂ ᠬᠦᠭᠡᠬᠤᠳᠠ ᠵᠡᠷᠭᠡ ᠭᠠᠵᠠᠷ ᠤᠷᠤᠨ ᠳᠤ 14 ᠪᠤᠬᠢᠷᠳᠤᠯ ᠦᠭᠡᠢ ᠦᠭᠡᠷ ᠤᠨ ᠮᠢᠬᠠᠨ ᠤ ᠰᠢᠭᠤᠤᠨ ᠡᠵᠡᠩᠨᠡᠬᠦ ᠲᠦᠪ᠂ ᠰᠢᠭᠤᠤᠨ ᠡᠵᠡᠩᠨᠡᠯᠳᠠ ᠶᠢᠨ ᠲᠠᠯᠭᠡᠬᠦᠷ ᠪᠠ ᠪᠤᠷᠤᠯᠠᠭᠤᠯᠤᠯᠳᠠ ᠶᠢᠨ ᠭᠠᠵᠠᠷ  ᠢ ᠪᠠᠢᠭᠤᠯᠤᠨ᠂ ᠵᠠᠬ᠎ᠠ ᠲᠠᠯᠭᠡᠬᠦᠷ᠂ ᠬᠦᠯᠳᠡᠭᠡᠨ ᠬᠠᠳᠠᠭᠠᠯᠠᠬᠤ ᠭᠠᠵᠠᠷ ᠪᠤᠯᠤᠨ ᠤᠢᠯᠡᠳᠪᠤᠷᠢᠯᠡᠨ ᠪᠤᠯᠪᠠᠰᠤᠷᠠᠭᠤᠯᠬᠤ ᠵᠢ ᠬᠤᠯᠪᠤᠯᠳᠠᠭᠤᠯᠤᠭᠰᠨᠨ ᠪᠠᠢᠨ᠎ᠡ᠃ ᠲᠤᠳᠤᠭᠠᠳᠤ ᠳᠠᠭᠠᠨ᠂ ᠬᠤᠷᠰᠢᠶᠠᠵᠢᠯ ᠤᠨ ᠲᠤᠤᠷ᠎ᠠ ᠪᠠᠨ ᠲᠠᠷᠢᠶᠠᠴᠢᠨ ᠡᠷᠤᠭᠡ ᠶᠢᠨ ᠲᠠᠯᠭᠡᠬᠦᠷ ᠎—— ᠲᠤᠬᠢᠷᠠᠭᠤᠯᠤᠨ ᠬᠦᠷᠭᠡᠬᠦ ᠲᠦᠪ ᠎—— ᠰᠤᠮᠤ ᠪᠠᠯᠭᠠᠰᠤᠨ ᠤ ᠠᠷᠠᠯᠵᠢᠶ᠎ᠠ ᠬᠤᠳᠠᠯᠳᠤᠭᠠᠨ ᠤ ᠲᠦᠪ ᠪᠡᠷ ᠨᠢᠭᠡ ᠴᠤᠭᠴᠨ ᠪᠤᠯᠭᠠᠭᠰᠨᠨ ᠵᠠᠬ᠎ᠠ ᠲᠠᠯᠭᠡᠬᠦᠷ ᠤᠨ ᠰᠢᠰᠲ᠋ᠸᠮ ᠢ ᠪᠠᠢᠭᠤᠯᠵᠤ᠂ ᠢᠨᠲ᠋ᠸᠷᠨ᠋ᠸᠲ ᠰᠦᠯᠵᠢᠶ᠎ᠠ + ᠲᠤᠤᠷ ᠰᠦᠯᠵᠢᠶᠡᠨ ᠤ ᠲᠠᠪᠴᠠᠩ ᠤᠨ ᠡᠯᠸᠺᠲ᠋ᠷᠤᠨ ᠠᠷᠠᠯᠵᠢᠶ᠎ᠠ ᠶᠢᠨ ᠪᠦᠳᠤᠭᠡᠨ ᠪᠠᠢᠭᠤᠯᠤᠯᠳᠠ ᠵᠢ ᠦᠷᠨᠢᠬᠦᠯᠪᠡ᠃ ᠡᠳᠡᠭᠡᠷ ᠠᠷᠭ᠎ᠠ ᠠᠪᠴᠢᠯ ᠨᠢ ᠤᠤᠯ ᠤᠨ ᠰᠢᠭᠤᠤᠨ ᠪᠤᠷᠤᠯᠠᠭᠤᠯᠵᠤ ᠪᠠᠢᠭᠰᠨᠨ ᠪᠦᠳᠤᠬᠦᠯᠢᠭ᠌ ᠭᠡᠯᠪᠡᠷᠢ ᠵᠢ ᠦᠨᠳᠤᠰᠤᠨ ᠡᠴᠨ ᠨᠢ ᠬᠤᠪᠢᠷᠠᠭᠠᠨ᠂ ᠨᠢᠭᠡ ᠲᠤᠯᠤᠭᠠᠢ ᠦᠭᠡᠷ ᠲᠠᠭ᠍ᠰᠢᠳᠭᠡᠭᠡᠳ 1.5 ᠲᠦᠮᠨᠨ ᠲᠦᠬᠦᠷᠢᠭ ᠬᠤᠳᠠᠯᠳᠤᠬᠤ ᠪᠠᠢᠭᠰᠨᠨ ᠡᠴᠨ ᠤᠳᠤ 2.4 ᠲᠦᠮᠨᠨ ᠲᠦᠬᠦᠷᠢᠭ ᠬᠤᠳᠠᠯᠳᠤᠬᠤ ᠪᠤᠯᠵᠤ᠂ ᠪᠠᠷᠤᠭ ᠨᠢᠭᠡ ᠲᠠᠬᠢᠨ ᠶᠢᠠᠷ ᠨᠡᠮᠡᠭᠳᠡᠭᠰᠡᠡ ᠪᠠᠢᠨ᠎ᠡ᠃ 2017 ᠤᠨ ᠤ ᠡᠴᠤᠰ ᠪᠤᠯᠳᠠᠯ᠎᠎ᠠ᠂ ᠬᠤᠷᠰᠢᠶᠠᠵᠢᠯ ᠤᠨ ᠶᠡᠷᠤᠩᠭᠡᠢ ᠪᠠᠯᠨ ᠤᠷᠤᠯᠠᠭᠤᠯᠤᠯᠳᠠ 3200ᠲᠦᠮᠨᠨ ᠲᠦᠬᠦᠷᠢᠭ ᠲᠤ ᠬᠦᠷᠴᠤ᠂ 4 ᠵᠢᠯ ᠲᠤᠷᠰᠢ᠂ ᠬᠤᠪᠢ ᠤᠷᠤᠭᠤᠯᠤᠭᠰᠨᠨ ᠮᠠᠯᠴᠢᠳ ᠲᠤ ᠨᠡᠢᠳᠠ 330 ᠲᠦᠮᠨᠨ ᠲᠦᠬᠦᠷᠢᠭ ᠤᠨ ᠤᠷᠤᠯᠭ᠎ᠠ ᠬᠤᠪᠢᠶᠠᠵᠤ᠂ ᠬᠦᠴᠢᠷᠳᠡᠢ ᠡᠷᠤᠭᠡ ᠳᠤ ᠨᠡᠢᠯᠨᠨ 140 ᠲᠦᠮᠨᠨ ᠲᠦᠬᠦᠷᠢᠭ ᠤᠨ ᠤᠷᠤᠯᠭ᠎ᠠ ᠬᠤᠪᠢᠶᠠᠭᠰᠠᠨ ᠪᠠᠢᠨ᠎ᠡ᠃


ᠬᠠᠮᠳᠤ ᠪᠡᠷ ᠴᠢᠨᠡᠭᠡᠯᠢᠭᠵᠢᠬᠦ ᠶᠢᠨ ᠵᠠᠮ ᠳᠤ᠂ ᠡᠤ ᠶᠦᠨ ᠪᠦᠸᠸ ᠡᠴᠨ ᠨᠡᠢᠭᠡᠮ ᠤᠨ ᠬᠠᠷᠢᠭᠤᠴᠠᠯᠭ᠎ᠠ ᠪᠠᠨ ᠮᠠᠷᠳᠠᠭ᠎ᠠ ᠦᠭᠡᠢ᠂ ᠲᠠᠷᠨ ᠨᠡᠢᠳᠠ ᠶᠢᠨ ᠠᠰᠠᠷᠠᠮᠵᠢ ᠶᠢᠨ ᠠᠵᠤ ᠤᠢᠯᠡᠰ ᠤᠨ ᠲᠤᠮᠳᠠ ᠢᠳᠡᠪᠬᠢᠳᠠᠢ ᠤᠷᠤᠯᠴᠠᠵᠤ᠂ ᠤᠷᠢᠳ ᠬᠤᠵᠢᠳ 31 ᠨᠡᠷᠡᠰ ᠶᠠᠳᠠᠭᠤ ᠬᠦᠴᠢᠷᠳᠠᠢ ᠶᠡᠭᠡ ᠰᠤᠷᠭᠠᠭᠤᠯᠢ ᠶᠢᠨ ᠤᠶᠤᠳᠠᠨ ᠵᠢᠴᠢ ᠴᠡᠷᠢᠭ ᠲᠤ ᠤᠷᠤᠭᠰᠨᠨ ᠵᠠᠯᠠᠭᠤᠴᠤᠤᠨ ᠢ ᠵᠤᠭᠤᠰ ᠶᠢᠠᠷ ᠲᠤᠰᠠᠯᠠᠨ᠂ 6 ᠨᠡᠷᠡᠰ ᠦᠨᠤᠴᠢᠨ ᠪᠡᠯᠪᠡᠰᠤᠨ ᠨᠠᠰᠤᠳᠠᠨ ᠢ ᠲᠤᠰᠠᠯᠠᠨ ᠲᠡᠮᠵᠢᠭ᠍ᠰᠡᠡ ᠪᠠ 7 ᠨᠡᠷᠡᠰ ᠶᠠᠳᠠᠭᠤ ᠬᠦᠴᠢᠷᠳᠡᠢ ᠮᠠᠯᠴᠢᠨ ᠡᠷᠤᠭᠡ  ᠭᠡᠷ ᠪᠠᠷᠢᠬᠤ ᠳᠤ ᠲᠠᠳᠬᠦᠨ ᠲᠠᠮᠵᠢᠵᠤ᠂ ᠨᠡᠢᠯᠨᠨ ᠲᠤᠰᠠᠯᠠᠨ ᠲᠠᠮᠵᠢᠭᠰᠡᠡ ᠵᠤᠭᠤᠰ 16.9 ᠲᠦᠮᠨᠨ ᠲᠦᠬᠦᠷᠢᠭ ᠲᠤ ᠬᠦᠷᠴᠡᠢ᠃ ᠬᠠᠮᠳᠤ ᠳᠤᠨᠢ᠂ ᠲᠤᠰ ᠭᠠᠵᠠᠷ ᠤᠷᠤᠨ ᠳᠠᠭᠠᠨ ᠵᠤᠬᠢᠴᠠᠭᠰᠨᠨ ᠠᠷᠠᠴᠢᠯᠨᠨ ᠲᠠᠵᠢᠭᠡᠬᠦ ᠨᠦᠬᠦᠴᠡᠯ᠂ ᠠᠯᠬᠤᠮ ᠶᠠᠪᠤᠴᠨ᠂ ᠮᠡᠷᠭᠡᠵᠢᠯ᠎ ᠢ ᠭᠡᠷᠡᠭᠯᠡᠬᠦ ᠪᠡᠷ ᠲᠠᠮᠵᠢᠨ᠂ ᠪᠦᠬᠦ ᠭᠠᠴᠠᠭᠠᠨ ᠤ 6.7 ᠲᠦᠮᠨᠨ ᠮᠤ ᠨᠤᠳᠤᠭ ᠪᠠᠯᠴᠢᠭᠡᠷ ᠤᠳᠠᠯ ᠦᠭᠡᠢ ᠡᠳᠡᠭᠡᠷᠡᠨ ᠰᠠᠢᠵᠢᠷᠠᠭᠰᠨᠨ ᠪᠠᠢᠨ᠎ᠡ᠃

ᠡᠤ ᠶᠦᠨ ᠪᠦᠸᠸ ᠭᠡᠯᠡᠭᠰᠨᠨ ᠨᠢ᠂ ᠠᠷᠠᠳ ᠤᠨ ᠲᠦᠯᠤᠭᠡᠯᠡᠭᠴᠢ ᠪᠤᠯ ᠦᠪᠡᠷ ᠤᠨ ᠪᠠᠶ᠎ᠠ ᠪᠡᠷ ᠶᠢᠠᠷ ᠲᠠᠭᠤᠷᠢᠶᠠᠯ ᠪᠤᠯᠵᠤ᠂ ᠤᠯᠨᠨ ᠲᠦᠮᠨᠨ ᠶᠢᠠᠨ ᠲᠠᠢᠴᠢᠯᠨᠨ ᠪᠠᠶᠠᠵᠢᠨ ᠴᠢᠨᠡᠭᠡᠯᠢᠭᠵᠢᠵᠤ᠂ ᠬᠠᠮᠳᠤ ᠳᠤᠨᠢ᠂ ᠨᠡᠢᠭᠡᠮ ᠤᠨ ᠲᠤᠭᠳᠠᠭᠤᠨ᠂ ᠪᠤᠯᠪᠠᠰᠤᠨ᠂ ᠡᠶ᠎ᠠ ᠨᠠᠢᠷᠠᠮᠳᠠᠭᠤ ᠳᠤ ᠦᠪᠡᠷ ᠤᠨ ᠦᠵᠡᠬᠦᠯᠪᠠᠰᠤ ᠵᠤᠬᠢᠬᠤ ᠬᠤᠪᠢ ᠨᠡᠮᠡᠷᠢ ᠪᠠᠨ ᠡᠷᠬᠦᠨ᠎ᠡ ᠭᠡᠵᠡᠢ᠃


ᠡᠮᠦᠨᠡᠬᠢ᠄ ᠡᠤ ᠶᠦᠨ ᠪᠦᠸᠸ ᠤᠷᠢᠯᠭ᠎ᠠ ᠪᠡᠷ《2018 ᠤᠨ ᠤ ᠪᠡᠭᠡᠵᠢᠩ ᠤᠨ ᠬᠦᠮᠤᠨ ᠤ ᠡᠷᠭᠡ ᠶᠢᠨ ᠶᠠᠷᠢᠯᠴᠠᠭᠠᠨ ᠤ ᠲᠠᠪᠴᠠᠩ》᠋ ᠳᠤ ᠤᠷᠤᠯᠴᠠᠭᠰᠨᠨ ᠪᠠ ᠶᠠᠷᠢᠶ᠎ᠠ ᠬᠢᠭ᠍ᠰᠡᠡ ᠨᠢ
ᠳᠠᠷᠠᠭᠠᠬᠢ᠄ ᠴᠠᠭ ᠦᠷᠬᠦᠯᠵᠢ ᠤᠯᠨᠨ ᠲᠦᠮᠨᠨ ᠢ ᠪᠠᠨ ᠪᠤᠳᠤᠵᠤ ᠶᠠᠪᠤᠳᠠᠭ ᠠᠷᠠᠳ ᠤᠨ ᠲᠦᠯᠤᠭᠡᠯᠡᠭᠴᠢ  ——— ᠸᠸᠨ ᠰᠢᠤ ᠴᠸᠩ