ᠬᠣᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠬᠠᠩᠰᠢ ᠶᠢᠨ ᠡᠳ᠋ᠦᠷ ᠬᠤᠪᠢᠰᠬᠠᠯ ᠤᠨ ᠦᠷᠡᠭ᠍ᠳ᠋ᠡᠭ᠍ᠰᠡᠨ ᠪᠠᠭᠠᠳ᠋ᠤᠷᠴᠤᠳ ᠤᠨ ᠲᠠᠬᠢᠯᠭ᠎ᠠ ᠶᠢᠨ ᠠᠵᠢᠯᠯᠠᠭ᠎ᠠ ᠦᠷᠨᠢᠭᠦᠯᠪᠡ

3 ᠰᠠᠷ᠎ᠠ ᠶᠢᠨ 31 ᠦ ᠡᠳ᠋ᠦᠷ ᠦᠨ ᠦᠳ᠋ᠡ ᠶᠢᠨ ᠡᠮᠦᠨ᠎ᠠ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠬᠠᠩᠰᠢ ᠶᠢᠨ ᠡᠳ᠋ᠦᠷ ᠬᠤᠪᠢᠰᠬᠠᠯ ᠤᠨ ᠦᠷᠡᠭ᠍ᠳ᠋ᠡᠭ᠍ᠰᠡᠨ ᠪᠠᠭᠠᠳ᠋ᠤᠷᠴᠤᠳ ᠤᠨ ᠲᠠᠬᠢᠯᠭ᠎ᠠ ᠶᠢᠨ ᠠᠵᠢᠯᠯᠠᠭ᠎ᠠ ᠦᠷᠨᠢᠭᠦᠯᠪᠡ᠃ ᠪᠠᠢ᠌ᠭᠤᠯᠭ᠎ᠠ ᠶᠢᠨ ᠪᠦᠬᠦ ᠨᠠᠮ ᠤᠨ ᠭᠡᠰᠢᠭᠦᠨ ᠺᠠᠳ᠋ᠷᠴᠤᠳ ᠫᠤᠤ ᠲᠡᠶ ᠱᠠᠨ ᠤ ᠦᠷᠡᠭ᠍ᠳ᠋ᠡᠭ᠍ᠰᠡᠨ ᠪᠠᠭᠠᠳ᠋ᠤᠷᠴᠤᠳ ᠤᠨ ᠪᠣᠩᠬᠤᠨ ᠤ ᠬᠦᠷᠢᠶᠡᠯᠡᠩ ᠳ᠋ᠦ ᠬᠦᠷᠴᠦ᠂ ᠦᠷᠡᠭ᠍ᠳ᠋ᠡᠭ᠍ᠰᠡᠨ ᠪᠠᠭᠠᠳ᠋ᠤᠷᠴᠤᠳ ᠤᠨ ᠬᠦᠰᠢᠶ᠎ᠠ ᠳ᠋ᠦ ᠪᠠᠷᠠᠳ᠋ᠠᠨ᠂ ᠬᠤᠪᠢᠰᠬᠠᠯ ᠤᠨ ᠦᠷᠡᠭ᠍ᠳ᠋ᠡᠭ᠍ᠰᠡᠨ ᠪᠠᠭᠠᠳ᠋ᠤᠷᠴᠤᠳ ᠢ ᠲᠤᠷᠠᠰᠤᠨ ᠰᠠᠨᠠᠭᠠᠯᠵᠠᠵᠦ᠂ ᠬᠤᠪᠢᠰᠬᠠᠯ ᠤᠨ ᠵᠣᠷᠢᠭ ᠰᠠᠨᠠᠭ᠎ᠠ ᠶᠢ ᠤᠯᠠᠮᠵᠢᠯᠠᠪᠠ᠃
ᠪᠦᠬᠦ ᠨᠠᠮ ᠤᠨ ᠭᠡᠰᠢᠭᠦᠨ ᠺᠠᠳ᠋ᠷᠴᠤᠳ ᠲᠤᠷᠠᠰᠬᠠᠯ ᠤᠨ ᠬᠦᠰᠢᠶ᠎ᠠ ᠶᠢᠨ ᠡᠮᠦᠨ᠎ᠠ ᠬᠢᠴᠢᠶᠡᠩᠭᠦᠢ᠌ᠯᠡᠨ ᠵᠤᠭᠰᠤᠨ᠂ ᠬᠤᠪᠢᠰᠬᠠᠯ ᠤᠨ ᠦᠷᠡᠭ᠍ᠳ᠋ᠡᠭ᠍ᠰᠡᠨ ᠪᠠᠭᠠᠳ᠋ᠤᠷᠴᠤᠳ ᠲᠤ ᠨᠡᠮᠡᠨᠴᠢᠯᠡᠨ ᠭᠠᠰᠢᠭᠤᠳ᠋ᠠᠵᠦ᠂ ᠰᠤᠷᠭᠤᠭ ᠴᠡᠴᠡᠭ᠌ ᠬᠦᠷᠭᠡᠪᠡ᠃

ᠲᠠᠬᠢᠯᠭ᠎ᠠ ᠶᠢᠨ ᠠᠵᠢᠯᠯᠠᠭ᠎ᠠ ᠳᠤ ᠤᠷᠤᠯᠴᠠᠭᠰᠠᠨ ᠺᠠᠳ᠋ᠷᠴᠤᠳ ᠬᠤᠪᠢᠰᠬᠠᠯ ᠤᠨ ᠦᠷᠡᠭ᠍ᠳ᠋ᠡᠭ᠍ᠰᠡᠨ ᠪᠠᠭᠠᠳ᠋ᠤᠷᠴᠤᠳ ᠢ ᠲᠤᠷᠠᠰᠤᠨ ᠰᠠᠨᠠᠭᠠᠯᠵᠠᠬᠤ ᠶᠢ ᠡᠷᠡᠮᠡᠭᠡᠢ᠌ᠯᠡᠨ ᠲᠠᠪᠰᠢᠬᠤ ᠬᠦᠳ᠋ᠡᠯᠭᠡᠬᠦ ᠬᠦᠴᠦᠨ ᠪᠣᠯᠭᠠᠨ ᠬᠤᠪᠢᠷᠠᠭᠤᠯᠵᠤ᠂ ᠡᠷᠡᠰ ᠭᠤᠢ᠌ᠪᠢᠰᠢ ᠦᠭᠡᠶ ᠪᠡᠷ ᠨᠠᠮ ᠶᠢᠡᠨ ᠲᠠᠭᠠᠨ᠂ ᠬᠦᠴᠢᠷ ᠪᠡᠷᠭᠡᠰᠢᠶᠡᠯ ᠡᠴᠡ ᠠᠶᠤᠬᠤ ᠦᠭᠡᠶ᠂ ᠴᠦ᠋ᠭᠦᠷᠡᠰᠢ ᠦᠭᠡᠶ ᠲᠡᠮᠡᠴᠡᠵᠦ᠂ ᠪᠤᠳ᠋ᠠᠳ᠋ᠤ ᠠᠵᠢᠯᠯᠠᠭ᠎ᠠ ᠪᠠᠷ ᠶᠢᠡᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠦᠢᠯᠡᠳ᠋ᠦᠯᠭᠡᠵᠢᠭᠦᠯᠦᠨ᠂ ᠦᠷᠡᠭ᠍ᠳ᠋ᠡᠭ᠍ᠰᠡᠨ ᠪᠠᠭᠠᠳ᠋ᠤᠷᠴᠤᠳ ᠤᠨ ᠠᠷᠢᠭᠤᠨ ᠰᠦ᠋ᠨᠡᠰᠦ ᠶᠢ ᠲᠠᠢ᠌ᠳᠬᠤᠷᠠᠭᠤᠯᠤᠨᠠ ᠭᠡᠵᠦ ᠰᠠᠨᠠᠯ ᠨᠢᠭᠡᠳ᠋ᠡᠢ ᠢᠯᠡᠳᠭᠡᠪᠡ᠃ (ᠯᠸᠢ ᠫᠠᠩ)