ᠬᠣᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠶᠡᠩ ᠵᠸᠨ ᠴᠢᠩ ᠰᠢᠶᠠᠩᠱᠠᠨ ᠪᠠᠯᠭᠠᠰᠤᠨ ᠳᠤ ᠬᠦᠷᠴᠦ ᠪᠠᠢ᠌ᠴᠠᠭᠠᠨ ᠰᠤᠳ᠋ᠤᠯᠬᠤ ᠠᠵᠢᠯ ᠦᠷᠨᠢᠭᠦᠯᠪᠡ


ᠤᠢ᠌ᠷ᠎ᠠ ᠶᠢᠨ ᠡᠳ᠋ᠦᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠶᠡᠩ ᠵᠸᠨ ᠴᠢᠩ ᠰᠢᠶᠠᠩᠱᠠᠨ ᠪᠠᠯᠭᠠᠰᠤᠨ ᠳᠤ ᠬᠦᠷᠴᠦ᠂ ᠦᠨᠳ᠋ᠦᠰᠦᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠠᠵᠢᠯ ᠢ ᠪᠠᠢ᠌ᠴᠠᠭᠠᠨ ᠰᠤᠳ᠋ᠤᠯᠵᠤ ᠵᠢᠯᠤᠭᠤᠳᠪᠠ᠃ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠰᠤᠩᠭ᠋ᠤᠭᠤᠯᠢ ᠶᠢᠨ ᠶᠠᠪᠤᠳ᠋ᠠᠯ ᠤᠨ ᠬᠠᠷᠢᠯᠴᠠᠬᠤ ᠠᠵᠢᠯ ᠤᠨ ᠵᠦ᠋ᠪᠯᠡᠯ ᠦᠨ ᠬᠠᠷᠢᠭᠤᠴᠠᠯᠭᠠᠳ᠋ᠠᠨ ᠪᠠᠷ᠎ᠠ ᠪᠣᠯᠪᠠ᠃
ᠰᠢᠶᠠᠩᠱᠠᠨ ᠪᠠᠯᠭᠠᠰᠤᠨ ᠤ ᠠᠷᠠᠳ ᠤᠨ ᠲᠦ᠋ᠯᠦᠭᠡᠯᠡᠭ᠍ᠴᠢ ᠶᠢᠨ ᠤᠷᠠᠨ ᠪᠢᠴᠢᠯᠭᠡ ᠶᠢᠨ ᠨᠡᠢ᠌ᠭᠡᠮᠯᠢᠭ᠌ ᠦᠨ ᠠᠵᠢᠯᠯᠠᠭ᠎ᠠ ᠶᠢᠨ ᠲᠠᠰᠤᠭ ᠪᠠ ᠰᠢᠶᠠᠩᠱᠠᠨ ᠲᠤᠰᠬᠤᠨ ᠤ《ᠠᠷᠠᠳ ᠤᠨ ᠲᠦ᠋ᠯᠦᠭᠡᠯᠡᠭ᠍ᠴᠢ ᠶᠢᠨ ᠭᠡᠷ ᠪᠦᠯᠢ》 ᠶᠢ ᠪᠠᠢ᠌ᠴᠠᠭᠠᠨ ᠰᠤᠳ᠋ᠤᠯᠬᠤ ᠦᠶᠡᠰ᠂ ᠶᠡᠩ ᠵᠸᠨ ᠴᠢᠩ ᠨᠡᠷ ᠰᠠᠭᠤᠳ᠋ᠠᠯ ᠤᠨ ᠬᠤᠷᠠᠯ ᠬᠤᠷᠠᠯᠳ᠋ᠤᠭᠤᠯᠵᠤ ᠰᠠᠨᠠᠯ ᠶᠢᠡᠨ ᠰᠤᠯᠢᠯᠴᠠᠬᠤ᠂ ᠲᠠᠨᠢᠯᠴᠠᠭᠤᠯᠭ᠎ᠠ ᠶᠢ ᠰᠤᠨᠤᠰᠬᠤ ᠪᠠᠷ ᠲᠠᠮᠵᠢᠨ ᠰᠢᠶᠠᠩᠱᠠᠨ ᠪᠠᠯᠭᠠᠰᠤᠨ ᠤ ᠠᠷᠠᠳ ᠤᠨ ᠲᠦ᠋ᠯᠦᠭᠡᠯᠡᠭ᠍ᠴᠢᠳ ᠦᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ ᠪᠣᠯᠪᠠᠰᠤᠷᠠᠯ᠂ ᠲᠦ᠋ᠯᠦᠭᠡᠯᠡᠭ᠍ᠴᠢᠳ ᠦᠨ ᠠᠵᠢᠯᠯᠠᠭ᠎ᠠ ᠦᠷᠨᠢᠭᠦᠯᠬᠦ᠂ ᠲᠦ᠋ᠯᠦᠭᠡᠯᠡᠭ᠍ᠴᠢᠳ ᠦᠨ ᠰᠠᠨᠠᠯ ᠰᠠᠨᠠᠭᠤᠯᠭ᠎ᠠ ᠶᠢ ᠰᠢ᠌ᠳᠪᠦᠷᠢᠯᠡᠬᠦ᠂ ᠠᠷᠠᠳ ᠤᠨ ᠠᠮᠢᠳ᠋ᠤᠷᠠᠯ ᠤᠨ ᠪᠣᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢᠯ ᠢ ᠨᠠᠢ᠌ᠳ᠋ᠠᠪᠤᠷᠢᠵᠢᠭᠤᠯᠬᠤ ᠵᠢᠴᠢ《ᠠᠷᠠᠳ ᠤᠨ ᠲᠦ᠋ᠯᠦᠭᠡᠯᠡᠭ᠍ᠴᠢ ᠶᠢᠨ ᠭᠡᠷ ᠪᠦᠯᠢ》 ᠶᠢᠨ ᠪᠦᠳ᠋ᠦᠭᠡᠨ ᠪᠠᠢ᠌ᠭᠤᠯᠤᠯᠳ᠋ᠠ ᠵᠡᠷᠭᠡ ᠪᠠᠢ᠌ᠳ᠋ᠠᠯ ᠢ ᠨᠠᠷᠢᠨ ᠣᠢ᠌ᠯᠠᠭᠠᠬᠤ ᠶᠢᠨ ᠬᠠᠮᠳ᠋ᠤ ᠲᠠᠷᠠᠭᠠᠴᠢ ᠶᠢᠨ ᠠᠵᠢᠯ ᠳᠤ ᠵᠢᠯᠤᠭᠤᠳᠬᠤ ᠴᠢᠨᠠᠷᠳ᠋ᠠᠢ ᠰᠠᠨᠠᠭᠤᠯᠭ᠎ᠠ ᠲᠤᠷᠠᠳᠪᠠ᠃ (ᠯᠸᠢ ᠫᠠᠩ)