ᠤᠳᠤ ᠶᠢᠨ ᠪᠠᠢ᠌ᠷᠢ᠄ ᠪᠠᠢ᠌ᠩᠭᠤ ᠶᠢᠨ ᠬᠤᠷᠢᠶᠠᠨ ᠤ ᠠᠵᠢᠯ → ᠠᠷᠠᠳ ᠤᠨ ᠲᠦ᠋ᠯᠦᠭᠡᠯᠡᠭ᠍ᠴᠢᠳ ᠦᠨ ᠪᠣᠯᠪᠠᠰᠤᠷᠠᠯ᠁
ᠠᠷᠠᠳ ᠤᠨ ᠲᠦ᠋ᠯᠦᠭᠡᠯᠡᠭ᠍ᠴᠢᠳ ᠦᠨ ᠪᠣᠯᠪᠠᠰᠤᠷᠠᠯ ᠦᠷᠨᠢᠭᠦᠯᠵᠦ ᠠᠷᠠᠳ ᠤᠨᠲᠦ᠋ᠯᠦᠭᠡᠯᠡᠭ᠍ᠴᠢ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ ᠴᠢᠳ᠋ᠠᠪᠤᠷᠢ ᠶᠢ ᠲᠡᠭᠡᠭ᠍ᠰᠢᠯᠡᠭᠦᠯᠪᠡ

     ᠨᠠᠮ ᠤᠨ ᠬᠤᠷᠢᠳ᠋ᠤᠭᠠᠷ ᠶᠡᠬᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠵᠦ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠵᠤ᠂ ᠤᠯᠠᠮ ᠨᠢᠭᠡ ᠠᠯᠬᠤᠮ ᠦᠵᠡᠯ ᠰᠠᠨᠠᠭ᠎ᠠ ᠪᠠᠨ ᠨᠢᠭᠡᠳᠭᠡᠨ᠂ ᠲᠠᠨᠢᠯᠲᠠ ᠪᠠᠨ ᠭᠦᠨᠵᠡᠭᠡᠢ᠌ᠷᠡᠭᠦᠯᠵᠦ᠂ ᠰᠡᠳᠬᠢᠴᠡ  ᠢᠶᠡᠨ ᠲᠤᠳ᠋ᠤᠷᠬᠠᠢ᠌ᠯᠠᠨ᠂ ᠲᠤᠮᠳ᠋ᠠᠳ᠋ᠤ ᠶᠢᠨ ᠦᠨᠳ᠋ᠦᠰᠦᠳ᠋ᠡᠨ ᠦ ᠠᠭᠤᠤ ᠶᠡᠬᠡ ᠰᠡᠷᠭᠦᠨ ᠮᠠᠨᠳ᠋ᠤᠯᠲᠡ ᠶᠢ ᠴᠷᠢᠮᠠᠢ᠌ᠨ ᠠᠬᠢᠭᠤᠯᠵᠤ᠂ ᠠᠷᠠᠳ ᠤᠨ ᠲᠦ᠋ᠯᠦᠭᠡᠯᠡᠭ᠍ᠴᠢᠳ ᠦᠨ ᠣᠯᠣᠰ ᠲᠥᠷᠥ ᠶᠢᠨ ᠤᠨᠤᠯ ᠤᠨ ᠬᠡᠪ ᠪᠣᠯᠪᠠᠰᠤᠷᠠᠯ᠂ ᠲᠤᠬᠠᠢ᠌ᠯᠠᠭᠰᠠᠨ ᠠᠵᠢᠯ ᠤᠨ ᠬᠢᠷᠢ ᠲᠥᠪᠰᠢᠨ ᠪᠤᠯᠤᠨ ᠬᠠᠦᠯᠢ ᠶᠤᠰᠤᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ ᠴᠢᠳ᠋ᠠᠪᠣᠷᠢ ᠶᠢ ᠲᠡᠭᠡᠭ᠍ᠰᠢᠯᠡᠭᠦᠯᠬᠦ ᠶᠢᠨ ᠲᠦ᠋ᠯᠦᠭᠡ᠂ 4 ᠰᠠᠷ᠎ᠠ ᠶᠢᠨ 10 ᠦ ᠡᠳ᠋ᠦᠷ᠂ ᠵᠠᠷᠤᠳ ᠬᠣᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠲᠦ᠋ᠯᠦᠭᠡᠯᠡᠭ᠍ᠴᠢ ᠶᠢᠨ 2023 ᠣᠨ ᠤ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ ᠪᠣᠯᠪᠠᠰᠤᠷᠠᠯ ᠤᠨ ᠠᠩᠭᠢ ᠡᠷᠬᠢᠯᠡᠪᠡ᠃ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠶᠡᠩ ᠵᠸᠨ ᠴᠢᠩ ᠬᠤᠷᠠᠯ ᠳᠤ ᠰᠠᠭᠠᠲᠠᠭᠰᠠᠨ ᠪᠦᠭᠡᠳ ᠶᠠᠷᠢᠶ᠎ᠠ ᠲᠠᠯᠪᠢᠪᠠ᠃

        
        ᠶᠡᠩ ᠵᠸᠨ ᠴᠢᠩ ᠡᠴᠡ᠂ ᠲᠦ᠋ᠯᠦᠭᠡᠯᠡᠭ᠍ᠴᠢᠳ ᠦᠵᠡᠯ ᠰᠠᠨᠠᠭ᠎ᠠ ᠪᠠᠨ ᠨᠢᠭᠡᠳᠭᠡᠨ᠂ ᠲᠠᠨᠢᠯᠳ᠋ᠡ ᠪᠠᠨ ᠲᠡᠭᠡᠭ᠍ᠰᠢᠯᠡᠭᠦᠯᠵᠦ᠂ ᠰᠤᠷᠤᠯᠴᠠᠯᠭ᠎ᠠ ᠶᠢᠨ ᠴᠢᠬᠤᠯᠠ ᠴᠢᠨᠠᠷ ᠢ ᠲᠤᠳ᠋ᠤᠷᠬᠠᠢ᠌ᠯᠠᠨ᠂ ᠰᠤᠷᠤᠯᠴᠠᠬᠤ ᠦᠵᠡᠯ ᠤᠬᠠᠮᠰᠡᠷ ᠢ ᠪᠠᠲᠤ ᠪᠣᠢ ᠪᠣᠯᠭᠠᠵᠦ᠂ ᠰᠤᠷᠤᠯᠴᠠᠬᠤ ᠤᠬᠠᠮᠰᠡᠷᠳ᠋ᠦ ᠴᠢᠨᠠᠷ  ᠢᠶᠡᠨ ᠲᠡᠭᠡᠭ᠍ᠰᠢᠯᠡᠭᠦᠯᠵᠦ᠂ ᠰᠤᠷᠤᠯᠴᠠᠯᠭ᠎ᠠ ᠪᠡᠨ ᠴᠢᠩᠭ᠋ᠠᠳᠬᠠᠨ᠂ ᠭᠣᠤᠯᠳ᠋ᠠᠯᠭ᠎ᠠ ᠶᠢ ᠡᠵᠡᠮᠰᠢᠵᠦ᠂ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠭᠡᠬᠦ ᠴᠢᠳ᠋ᠠᠪᠤᠷᠢ ᠶᠢ ᠲᠠᠰᠤᠷᠠᠯᠳ᠋ᠡ ᠦᠭᠡᠶ ᠲᠡᠭᠡᠭ᠍ᠰᠢᠯᠡᠭᠦᠯᠬᠦ ᠬᠡᠷᠡᠭ᠍ᠲᠡᠢ᠃ ᠰᠠᠬᠢᠯᠭ᠎ᠠ ᠪᠠᠲᠤ ᠶᠢ ᠴᠢᠩᠳ᠋ᠡᠯᠡᠨ᠂ ᠬᠠᠮᠢᠶᠠᠷᠤᠯᠳ᠋ᠠ ᠶᠢ ᠴᠢᠩᠭ᠋ᠠᠳᠬᠠᠵᠦ᠂ ᠪᠦᠬᠦ ᠰᠡᠳᠭᠢᠯ  ᠢᠶᠡᠨ ᠰᠤᠷᠤᠯᠴᠠᠯᠭ᠎ᠠ ᠳᠤ ᠲᠦ᠋ᠪᠯᠡᠷᠡᠭᠦᠯᠦᠨ᠂ ᠰᠤᠷᠤᠯᠴᠠᠬᠤ ᠡᠭᠦᠷᠭᠡ ᠪᠡᠨ ᠠᠮᠵᠢᠯᠳ᠋ᠡ ᠲᠡᠶ ᠪᠡᠶᠡᠯᠡᠭᠦᠯᠬᠦ ᠬᠡᠷᠡᠭ᠍ᠲᠡᠢ ᠭᠡᠵᠦ ᠱᠠᠭᠠᠷᠳ᠋ᠠᠪᠠ᠃

        
        ᠪᠣᠯᠪᠠᠰᠤᠷᠠᠯ ᠤᠨ ᠬᠤᠷᠠᠯ ᠲᠡᠭᠡᠷ᠎ᠠ᠂ ᠲᠤᠮᠳ᠋ᠠᠳ᠋ᠤ ᠣᠯᠣᠰ ᠤᠨ ᠡᠪ ᠬᠠᠮᠳ᠋ᠤ ᠨᠠᠮ ᠤᠨ ᠲᠦ᠋ᠩᠯᠢᠶᠤᠤ ᠬᠤᠳ᠋ᠠ ᠶᠢᠨ ᠬᠣᠷᠢᠶᠠᠨ ᠤ ᠨᠠᠮ ᠤᠨ ᠰᠤᠷᠭᠠᠭᠤᠯᠢ ᠶᠢᠨ ᠯᠢᠦ  ᠹᠦ᠋ ᠶᠢᠩ ᠪᠠᠭᠰᠢ ᠶᠢᠨ ᠲᠤᠮᠳ᠋ᠠᠳ᠋ᠤ  ᠤᠯᠤᠰ ᠤᠨ ᠣᠨᠴᠠᠯᠢᠭᠳ᠋ᠤ ᠤᠳ᠋ᠤᠬᠢᠴᠢᠯᠡᠯᠳ᠋ᠡ ᠪᠠᠷ ᠲᠤᠮᠳ᠋ᠠᠳ᠋ᠤ ᠶᠢᠨ ᠦᠨᠳ᠋ᠦᠰᠦᠳ᠋ᠡᠨ ᠦ ᠠᠭᠤᠤ ᠶᠡᠬᠡ ᠰᠡᠷᠭᠦᠨ ᠮᠠᠨᠳ᠋ᠤᠯᠲᠡ ᠶᠢ ᠠᠬᠢᠭᠤᠯᠬᠤ ᠭᠡᠬᠦ ᠰᠡᠳ᠋ᠦᠪ ᠶᠢᠡᠷ ᠠᠷᠠᠳ ᠤᠨ ᠲᠦ᠋ᠯᠦᠭᠡᠯᠡᠭ᠍ᠴᠢᠳ ᠲᠤ ᠬᠢᠴᠢᠶᠡᠯ ᠤᠷᠤᠪᠠ᠃ ᠪᠣᠯᠪᠠᠰᠤᠷᠠᠯ ᠤᠨ ᠬᠢᠴᠢᠶᠡᠯ ᠢ ᠪᠠᠶᠠᠯᠢᠭᠵᠢᠭᠤᠯᠬᠤ ᠶᠢᠨ ᠲᠥᠯᠦᠭᠡ᠂ ᠠᠷᠠᠳ ᠤᠨ ᠲᠦ᠋ᠯᠦᠭᠡᠯᠡᠭ᠍ᠴᠢᠳ ᠢ ᠵᠤᠬᠢᠶᠠᠨ ᠪᠠᠢ᠌ᠭᠤᠯᠵᠤ ᠤᠷᠢᠳ ᠬᠣᠵᠢᠳ ᠡᠮᠦᠨ᠎ᠠ ᠪᠣᠯᠠᠭᠳ᠋ᠤ ᠶᠢᠨ ᠪᠠᠭᠤᠷᠢ ᠶᠢᠨ ᠮᠦ᠋ᠽᠸᠢ ᠶᠢᠨ ᠣᠷᠳ᠋ᠤᠨ ᠪᠤᠯᠤᠨ ᠰᠢᠨ᠎ᠠ  ᠲᠠᠷᠢᠶᠠᠯᠠᠩ  ᠰᠢᠭᠤᠢ  ᠶᠢᠨ ᠲᠤᠰᠬᠠᠢ ᠲᠠᠷᠢᠮᠡᠯ ᠤᠨ ᠬᠣᠷᠰᠢᠶᠠᠵᠢᠯ ᠢ ᠲᠤᠭᠤᠷᠢᠨ ᠦᠵᠡᠪᠡ᠃

        
        ᠲᠦ᠋ᠯᠦᠭᠡᠯᠡᠭ᠍ᠴᠢᠳ ᠡᠴᠡ ᠲᠤᠭᠤᠷᠢᠨ ᠦᠵᠡᠭ᠍ᠰᠡᠨ ᠦ ᠲᠠᠷᠠᠭ᠎ᠠ᠂ ᠲᠤᠮᠳ᠋ᠠᠳ᠋ᠤ ᠶᠢᠨ ᠦᠨᠳ᠋ᠦᠰᠦᠳ᠋ᠡᠨ ᠦ ᠬᠠᠮᠳ᠋ᠤ ᠴᠤᠭᠴᠠ ᠶᠢᠨ ᠤᠬᠠᠮᠰᠡᠷ ᠢ ᠪᠠᠳ᠋ᠦ ᠪᠡᠬᠢᠵᠢᠭᠦᠯᠵᠦ᠂ ᠬᠠᠷᠢᠭᠤᠴᠠᠯᠭ᠎ᠠ ᠡᠭᠦᠷᠭᠡᠯᠡᠨ ᠡᠷᠡᠮᠡᠭᠡᠢ᠌ᠯᠡᠨ ᠤᠷᠤᠬᠰᠢᠯᠡᠵᠦ᠂ ᠲᠡᠭᠡᠳ᠋ᠦ ᠬᠡᠮᠵᠢᠶᠡᠨ ᠦ ᠬᠠᠷᠢᠭᠤᠴᠠᠯᠭᠠᠳ᠋ᠤ ᠰᠡᠳᠭᠢᠯᠭᠡ ᠪᠠ ᠴᠤᠭ ᠪᠠᠳ᠋ᠠᠷᠠᠩᠭ᠋ᠤᠢ ᠵᠣᠷᠢᠭ ᠰᠠᠨᠠᠭ᠎ᠠ ᠪᠠᠷ ᠦᠨᠳ᠋ᠦᠰᠦᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢᠳ ᠦᠨ ᠡᠭᠦᠷᠭᠡ ᠬᠠᠷᠢᠭᠤᠴᠠᠯᠭ᠎ᠠ ᠶᠢ ᠭᠦᠢᠴᠡᠳ ᠢᠯᠡᠷᠡᠭᠦᠯᠵᠦ᠂ ᠲᠤᠮᠳ᠋ᠠᠳ᠋ᠤ ᠶᠢᠨ ᠦᠨᠳ᠋ᠦᠰᠦᠳ᠋ᠡᠨ ᠦ ᠠᠭᠤᠤ ᠶᠡᠬᠡ ᠰᠡᠷᠭᠦᠨ ᠮᠠᠨᠳ᠋ᠤᠯᠳ᠋ᠡ ᠶᠢ ᠪᠢᠴᠢᠭᠯᠡᠬᠦ ᠳ᠋ᠦ ᠬᠤᠪᠢ ᠨᠡᠮᠡᠷᠢ ᠪᠡᠨ ᠦᠵᠡᠭᠦᠯᠦᠨ᠎ᠠ ᠭᠡᠵᠦ ᠢᠯᠡᠳᠭᠡᠵᠡᠭᠡᠪᠡ᠃ (ᠯᠸᠢ ᠫᠠᠩ)

ᠡᠮᠦᠨᠡᠬᠢ᠄ ᠵᠠᠷᠣᠳ ᠬᠤᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠤᠯᠤᠳ᠋ᠤᠭᠠᠷ ᠤᠳ᠋ᠠᠭᠠᠨ ᠤ ᠬᠤᠷᠠᠯ ᠬᠤᠷᠠᠯᠳ᠋ᠤᠪᠠ
ᠳᠠᠷᠠᠭᠠᠬᠢ᠄ ᠵᠠᠷᠣᠳ ᠬᠤᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠨᠢ᠋ᠮᠠᠳ᠋ᠤᠭᠠᠷ ᠤᠳ᠋ᠠᠭᠠᠨ ᠤ ᠬᠤᠷᠠᠯ ᠬᠤᠷᠠᠯᠳ᠋ᠤᠪᠠ