ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ᠁
ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠦᠨᠳ᠋ᠦᠰᠦᠳ᠋ᠡᠨ ᠦ ᠪᠦᠯᠬᠦᠮᠳ᠋ᠡᠯ ᠲᠠᠪᠰᠢᠯᠳ᠋ᠡ ᠶᠢ ᠡᠭᠦᠳ᠋ᠦᠨ ᠪᠠᠢ᠌ᠭᠤᠯᠬᠤ ᠠᠵᠢᠯ《ᠪᠠᠢ᠌ᠭᠤᠯᠭ᠎ᠠ ᠳᠤ ᠤᠷᠣᠬᠤ》ᠪᠠ 2023 ᠣᠨ ᠤ ᠦᠨᠳ᠋ᠦᠰᠦᠳ᠋ᠡᠨ ᠦ ᠲᠥᠷᠥ ᠶᠢᠨ ᠪᠣᠳ᠋ᠤᠯᠭ᠎ᠠ ᠶᠢ ᠤᠬᠠᠭᠤᠯᠬᠤ ᠰᠠᠷ᠎ᠠ ᠵᠢᠴᠢ 《ᠠᠨᠠᠷ ᠤᠨ ᠥᠷ᠎ᠠ》 ᠶᠢᠨ ᠠᠵᠢᠯᠯᠠᠭ᠎ᠠ ᠶᠢᠨ ᠲᠦ᠋ᠯᠦᠪᠯᠡᠭᠡ ᠶᠢᠨ ᠲᠠᠢ᠌ᠴᠢᠯᠠᠯᠳ᠋ᠠ ᠶᠢᠨ ᠬᠤᠷᠠᠯ ᠬᠤᠷᠠᠯᠳ᠋ᠤᠭᠤᠯᠪᠠ

       
         5 ᠰᠠᠷ᠎ᠠ ᠶᠢᠨ 15 ᠦ ᠡᠳ᠋ᠦᠷ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠦᠨᠳ᠋ᠦᠰᠦᠳ᠋ᠡᠨ ᠦ ᠪᠦᠯᠬᠦᠮᠳ᠋ᠡᠯ ᠲᠠᠪᠰᠢᠯᠳ᠋ᠡ ᠶᠢ ᠡᠭᠦᠳ᠋ᠦᠨ ᠪᠠᠢ᠌ᠭᠤᠯᠬᠤ ᠠᠵᠢᠯ《ᠪᠠᠢ᠌ᠭᠤᠯᠭ᠎ᠠ ᠳᠤ ᠤᠷᠤᠬᠤ》ᠪᠠ 2023 ᠣᠨ ᠤ ᠦᠨᠳ᠋ᠦᠰᠦᠳ᠋ᠡᠨ ᠦ ᠲᠥᠷᠥ ᠶᠢᠨ ᠪᠣᠳ᠋ᠤᠯᠭ᠎ᠠ ᠶᠢ ᠤᠬᠠᠭᠤᠯᠬᠤ ᠰᠠᠷ᠎ᠠ ᠵᠢᠴᠢ《ᠠᠨᠠᠷ ᠤᠨ ᠥᠷ᠎ᠠ》 ᠶᠢᠨ ᠠᠵᠢᠯᠯᠠᠭ᠎ᠠ ᠶᠢᠨ ᠲᠦ᠋ᠯᠦᠪᠯᠡᠭᠡ ᠶᠢᠨ ᠲᠠᠢ᠌ᠴᠢᠯᠠᠯᠳ᠋ᠠ ᠶᠢᠨ ᠬᠤᠷᠠᠯ ᠬᠤᠷᠠᠯᠳ᠋ᠤᠭᠤᠯᠤᠨ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠵᠠᠩ ᠴᠥᠨ ᠡᠾᠦ᠋ᠢ ᠬᠤᠷᠠᠯ ᠳᠤ ᠰᠠᠭᠠᠲᠠᠭᠰᠠᠨ ᠪᠦᠭᠡᠳ ᠬᠤᠷᠠᠯ ᠢ ᠡᠷᠬᠢᠯᠡᠪᠡ᠂ ᠪᠠᠢ᠌ᠩᠭ᠋ᠤ ᠶᠢᠨ ᠬᠤᠷᠢᠶᠠᠨ ᠤ ᠡᠯ᠎ᠠ ᠠᠵᠢᠯ ᠤᠨ ᠵᠦ᠋ᠪᠯᠡᠯ ᠤᠨ ᠬᠠᠷᠢᠭᠤᠴᠠᠯᠭᠠᠳ᠋ᠠᠨ ᠵᠢᠴᠢ ᠪᠠᠢ᠌ᠭᠤᠯᠭ᠎ᠠ ᠶᠢᠨ ᠪᠦᠬᠦ ᠺᠠᠳ᠋ᠷ ᠠᠵᠢᠯᠳ᠋ᠡᠨ ᠬᠤᠷᠠᠯ ᠳᠤ ᠤᠷᠤᠯᠴᠠᠪᠠ᠃

        
           ᠬᠤᠷᠠᠯ ᠲᠡᠭᠡᠷ᠎ᠠ᠂ ᠵᠠᠩ ᠴᠥᠨ ᠡᠾᠦ᠋ᠢ ᠡᠴᠡ᠂ ᠦᠨᠥ ᠵᠢᠯ ᠦᠨ ᠲᠠᠪᠤᠳ᠋ᠤᠭᠠᠷ ᠰᠠᠷ᠎ᠠ ᠪᠣᠯ ᠬᠤᠷᠢᠳ᠋ᠤᠭᠠᠷ ᠦᠨᠳ᠋ᠦᠰᠦᠳ᠋ᠡᠨ ᠦ ᠲᠥᠷᠥ ᠶᠢᠨ ᠪᠣᠳ᠋ᠤᠯᠭ᠎ᠠ ᠶᠢ ᠤᠬᠠᠭᠤᠯᠬᠤ ᠰᠠᠷ᠎ᠠ᠂ ᠮᠦ᠋ᠨᠴᠦ ᠮᠠᠨ ᠤ ᠬᠤᠰᠢᠭᠤᠨ ᠤ《ᠪᠦᠬᠦ ᠤᠷᠤᠨ ᠤ ᠦᠨᠳ᠋ᠦᠰᠦᠳ᠋ᠡᠨ ᠦ ᠪᠦᠯᠬᠦᠮᠳ᠋ᠡᠯ ᠲᠠᠪᠰᠢᠯᠳ᠋ᠡ ᠶᠢᠨ ᠵᠢᠱᠢᠶ᠎ᠠ ᠦᠵᠡᠭᠦᠯᠬᠦ ᠬᠤᠰᠢᠭᠤ》 ᠶᠢ ᠡᠭᠦᠳ᠋ᠦᠨ ᠪᠠᠢ᠌ᠭᠤᠯᠬᠤ ᠴᠢᠬᠤᠯᠠ ᠵᠢᠯ ᠪᠠᠢ᠌ᠵᠦ᠂ ᠦᠨᠳ᠋ᠦᠰᠦᠳ᠋ᠡᠨ ᠦ ᠪᠦᠯᠬᠦᠮᠳ᠋ᠡᠯ ᠲᠠᠪᠰᠢᠯᠳ᠋ᠡ ᠶᠢ ᠡᠭᠦᠳ᠋ᠦᠨ ᠪᠠᠢ᠌ᠭᠤᠯᠬᠤ ᠠᠵᠢᠯ ᠢ ᠰᠠᠢ᠌ᠳ᠋ᠤᠷ ᠬᠢᠬᠦ ᠨᠢ ᠨᠡᠩ ᠴᠢᠬᠤᠯᠠ ᠶᠤᠮ᠃ ᠤᠬᠠᠭᠤᠯᠭ᠎ᠠ ᠶᠢᠨ ᠬᠦᠨᠳ᠋ᠡᠯᠡᠨ ᠪᠢᠴᠢᠭᠡᠰᠦ ᠡᠯᠭᠦᠬᠦ᠂ ᠤᠬᠠᠭᠤᠯᠭ᠎ᠠ ᠶᠢᠨ ᠤᠷᠢᠶ᠎ᠠ ᠶᠢᠨ ᠲᠠᠯᠪᠢᠭᠤᠷ ᠵᠤᠬᠢᠶᠠᠬᠤ᠂ ᠬᠤᠩᠬᠢᠯ ᠤᠨ ᠤᠬᠠᠭᠤᠯᠭ᠎ᠠ ᠶᠢᠨ ᠦᠵᠡᠭᠦᠯᠦᠯᠭᠡ ᠶᠢᠨ ᠪᠤᠯᠤᠩ ᠭᠠᠷᠭᠠᠬᠤ᠂ ᠪᠠᠢ᠌ᠭᠤᠯᠭ᠎ᠠ ᠶᠢᠨ ᠡᠭᠦᠳ᠋ᠦᠨ ᠰᠦ᠋ᠯᠵᠢᠶ᠎ᠠ ᠳ᠋ᠦ ᠲᠤᠰᠬᠠᠢ ᠪᠣᠯᠤᠩ ᠭᠠᠷᠭᠠᠬᠤ ᠵᠡᠷᠭᠡ ᠬᠡᠯᠪᠡᠷᠢ ᠪᠡᠷ ᠲᠠᠮᠵᠢᠨ ᠶᠡᠷᠦᠩᠬᠡᠢ ᠱᠦ᠋ᠵᠢ ᠰᠢ ᠵᠢᠨ ᠫᠢᠩ ᠦᠨ ᠨᠠᠮ ᠤᠨ ᠦᠨᠳ᠋ᠦᠰᠦᠳ᠋ᠡᠨ ᠦ ᠠᠵᠢᠯ ᠢ ᠴᠢᠩᠭ᠋ᠠᠳᠬᠠᠨ ᠰᠠᠢ᠌ᠵᠢᠷᠠᠭᠤᠯᠬᠤ ᠲᠤᠬᠠᠢ ᠴᠢᠬᠤᠯᠠ ᠦᠭᠦᠯᠡᠯᠳ᠋ᠡ ᠪᠠ ᠲᠥᠪ ᠬᠤᠷᠢᠶ᠎ᠠ᠂ ᠦᠪᠡᠷᠳ᠋ᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠬᠤᠳ᠋ᠠ ᠶᠢᠨ ᠨᠠᠮ ᠤᠨ ᠬᠤᠷᠢᠶ᠎ᠠ᠂ ᠬᠤᠰᠢᠭᠤᠨ ᠤ ᠨᠠᠮ ᠤᠨ ᠬᠤᠷᠢᠶᠠᠨ ᠤ ᠦᠨᠳ᠋ᠦᠰᠦᠳ᠋ᠡᠨ ᠦ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠤᠬᠠᠭᠤᠯᠤᠨ᠂ ᠦᠨᠳ᠋ᠦᠰᠦᠳ᠋ᠡᠨ ᠦ ᠪᠦᠯᠬᠦᠮᠳ᠋ᠡᠯ ᠲᠠᠪᠰᠢᠯᠳ᠋ᠡ ᠶᠢ ᠡᠭᠦᠳ᠋ᠦᠨ ᠪᠠᠢ᠌ᠭᠤᠯᠬᠤ ᠠᠵᠢᠯ ᠢ ᠰᠠᠢ᠌ᠳ᠋ᠤᠷ ᠬᠢᠬᠦ ᠳᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠬᠦᠴᠦᠨ ᠴᠢᠲᠠᠯ ᠶᠢᠡᠨ ᠡᠷᠭᠦᠬᠦ ᠬᠡᠷᠡᠭ᠍ᠲᠡᠢ ᠭᠡᠵᠦ ᠱᠠᠭᠠᠷᠳ᠋ᠠᠪᠠ᠃

        
          ᠬᠤᠷᠠᠯ ᠲᠡᠭᠡᠷ᠎ᠠ᠂ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠦᠨᠳ᠋ᠦᠰᠦᠳ᠋ᠡᠨ ᠦ ᠠᠵᠢᠯ ᠤᠨ ᠵᠦ᠋ᠪᠯᠡᠯ ᠦᠨ ᠬᠠᠷᠢᠭᠤᠴᠠᠯᠭᠠᠳ᠋ᠠᠨ《ᠵᠠᠷᠤᠳ ᠬᠤᠰᠢᠭᠤᠨ ᠤ 2023 ᠣᠨ ᠤ〈ᠦᠨᠳ᠋ᠦᠰᠦᠳ᠋ᠡᠨ ᠦ ᠲᠥᠷᠥ ᠶᠢᠨ ᠪᠣᠳ᠋ᠤᠯᠭ᠎ᠠ ᠶᠢᠨ ᠤᠬᠠᠭᠤᠯᠭ᠎ᠠ ᠶᠢᠨ ᠰᠠᠷ᠎ᠠ〉〈ᠦᠨᠳ᠋ᠦᠰᠦᠳ᠋ᠡᠨ ᠦ ᠬᠠᠦᠯᠢ ᠪᠡᠷ ᠵᠠᠰᠠᠬᠤ ᠤᠬᠠᠭᠤᠯᠭ᠎ᠠ ᠶᠢᠨ ᠭᠠᠷᠠᠭ〉 ᠤᠨ ᠠᠵᠢᠯ ᠤᠨ ᠲᠥᠰᠥᠯ》《ᠵᠠᠷᠤᠳ ᠬᠣᠰᠢᠭᠤᠨ ᠤ ᠲᠤᠮᠳ᠋ᠠᠳ᠋ᠤ ᠶᠢᠨ ᠦᠨᠳ᠋ᠦᠰᠦᠳ᠋ᠡᠨ ᠦ ᠬᠠᠮᠳ᠋ᠤ ᠶᠢᠨ ᠴᠤᠭᠴᠠ ᠶᠢᠨ ᠤᠬᠠᠮᠰᠡᠷ ᠢ ᠪᠠᠲᠤ ᠴᠤᠭᠴᠠᠯᠠᠬᠤ〈ᠠᠨᠠᠷ ᠤᠨ ᠥᠷ᠎ᠠ〉 ᠶᠢᠨ ᠠᠵᠢᠯᠯᠠᠭ᠎ᠠ ᠶᠢᠨ ᠲᠦ᠋ᠯᠦᠪᠯᠡᠭᠡ》ᠪᠠ《ᠵᠠᠷᠤᠳ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ 2023 ᠣᠨ ᠤ ᠦᠨᠳ᠋ᠦᠰᠦᠳ᠋ᠡᠨ ᠦ ᠪᠦᠯᠬᠦᠮᠳ᠋ᠡᠯ ᠲᠠᠪᠰᠢᠯᠳ᠋ᠡ ᠶᠢ ᠡᠭᠦᠳ᠋ᠦᠨ ᠪᠠᠢ᠌ᠭᠤᠯᠬᠤ ᠠᠵᠢᠯ ᠢ ᠦᠷᠨᠢᠭᠦᠯᠬᠦ ᠬᠡᠷᠡᠭ᠍ᠵᠢᠭᠦᠯᠬᠦ ᠲᠥᠰᠥᠯ》 ᠢ ᠤᠯᠠᠮᠵᠢᠯᠡᠨ ᠰᠤᠷᠤᠯᠴᠠᠬᠰᠠᠨ ᠪᠦᠭᠡᠳ ᠦᠨᠳ᠋ᠦᠰᠦᠳ᠋ᠡᠨ ᠦ ᠪᠦᠯᠬᠦᠮᠳ᠋ᠡᠯ ᠲᠠᠪᠰᠢᠯᠳ᠋ᠡ ᠶᠢᠨ ᠬᠠᠮᠢᠶ᠎ᠠ ᠪᠦᠬᠦᠢ ᠮᠡᠳ᠋ᠡᠯᠭᠡ ᠶᠢᠨ ᠰᠤᠷᠢᠯᠳ᠋ᠡ ᠬᠢᠪᠡ᠃ (ᠯᠸᠢ ᠫᠠᠩ)

ᠡᠮᠦᠨᠡᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠪᠤᠣ ᠯᠦ᠋ᠩ ᠦᠨᠳ᠋ᠦᠰᠦᠨ ᠱᠠᠳ᠋ᠤᠨ ᠳᠤ ᠬᠦᠷᠴᠦ ᠠᠵᠢᠯ ᠪᠠᠢ᠌ᠴᠠᠭᠠᠨ ᠰᠤᠳ᠋ᠤᠯᠪᠠ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠦᠨᠳ᠋ᠦᠰᠦᠳ᠋ᠡᠨ ᠦ ᠪᠦᠯᠬᠦᠮᠳ᠋ᠡᠯ ᠲᠠᠪᠰᠢᠯᠳ᠋ᠡ ᠶᠢ ᠡᠭᠦᠳ᠋ᠦᠨ ᠪᠠᠢ᠌ᠭᠤᠯᠬᠤ 《ᠨᠡᠢ᠌ᠭᠡᠮ ᠲᠤᠭᠤᠷᠢᠭ ᠲᠤ ᠤᠷᠣᠬᠤ》 ᠪᠠ ᠦᠨᠳ᠋ᠦᠰᠦᠳ᠋ᠡᠨ ᠦ ᠲᠥᠷᠥ ᠶᠢᠨ ᠪᠣᠳ᠋ᠤᠯᠭ᠎ᠠ ᠶᠢ ᠤᠬᠠᠭᠤᠯᠬᠤ ᠰᠠᠷ᠎ᠠ ᠶᠢᠨ ᠭᠤᠣᠯ ᠰᠡᠳ᠋ᠦᠪᠳ᠋ᠦ ᠠᠵᠢᠯᠯᠠᠭ᠎ᠠ ᠦᠷᠨᠢᠭᠦᠯᠪᠡ