ᠲᠦ᠋ᠩᠯᠢᠶᠤᠤ ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠵᠠᠷᠤᠳ ᠬᠣᠰᠢᠭᠤᠨ ᠳᠤ ᠬᠦᠷᠴᠦ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠠᠵᠢᠯ ᠳ᠋ᠦ ᠲᠤᠰᠬᠠᠢ ᠰᠡᠳ᠋ᠦᠪᠳ᠋ᠦ ᠪᠠᠢ᠌ᠴᠠᠭᠠᠨ ᠰᠤᠳ᠋ᠤᠯᠤᠯᠳ᠋ᠠ ᠬᠢᠪᠡ

6 ᠰᠠᠷ᠎ᠠ ᠶᠢᠨ 15 ᠦ ᠡᠳ᠋ᠦᠷ᠂ ᠲᠦ᠋ᠩᠯᠢᠶᠤᠤ ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠬᠢᠨᠠᠨ ᠪᠠᠢ᠌ᠴᠠᠭᠠᠬᠤ ᠪᠠ ᠬᠠᠦᠯᠢ ᠴᠠᠭᠠᠵᠠ ᠶᠢᠨ ᠠᠵᠢᠯ ᠤᠨ ᠵᠦ᠋ᠪᠯᠡᠯ ᠦᠨ ᠡᠷᠬᠢᠯᠡᠭ᠍ᠴᠢ ᠺᠦᠩ ᠯᠢᠩ ᠸᠸᠨ ᠪᠠᠢ᠌ᠴᠠᠭᠠᠨ ᠰᠤᠳ᠋ᠤᠯᠬᠤ ᠲᠤᠭᠤᠢ᠌ᠯᠠᠩ ᠢ ᠲᠠᠭᠠᠭᠤᠯᠤᠨ ᠵᠠᠷᠤᠳ ᠬᠣᠰᠢᠭᠤᠨ ᠳᠤ ᠬᠦᠷᠴᠦ ᠪᠠᠢ᠌ᠴᠠᠭᠠᠬᠤ ᠪᠠᠢ᠌ᠭᠤᠯᠭ᠎ᠠ ᠶᠢᠨ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠠᠵᠢᠯ ᠦᠷᠨᠢᠭᠦᠯᠦᠭ᠍ᠰᠡᠨ ᠪᠠᠢ᠌ᠳ᠋ᠠᠯ ᠳᠤ ᠲᠤᠰᠬᠠᠢ ᠰᠡᠳ᠋ᠦᠪᠳ᠋ᠦ ᠪᠠᠢ᠌ᠴᠠᠭᠠᠨ ᠰᠤᠳ᠋ᠤᠯᠤᠯᠳ᠋ᠠ ᠬᠢᠪᠡ᠃ ᠬᠣᠰᠢᠭᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠡᠳ᠋ ᠡᠷᠬᠢᠯᠡᠭ᠍ᠴᠢ ᠵᠡᠩ ᠶᠦ᠋ᠩ ᠴᠢᠶᠠᠩ ᠵᠢᠴᠢ ᠬᠤᠳ᠋ᠠ᠂ ᠬᠣᠰᠢᠭᠤᠨ ᠤ ᠬᠠᠮᠢᠶ᠎ᠠ ᠪᠦᠬᠦᠢ ᠰᠠᠯᠠᠭ᠎ᠠ ᠮᠦ᠋ᠴᠢᠷ ᠦᠨ ᠬᠠᠷᠢᠭᠤᠴᠠᠯᠭᠠᠳ᠋ᠠᠨ᠂ ᠬᠤᠳ᠋ᠠ ᠶᠢᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢᠳ᠂ ᠬᠠᠦᠯᠢᠴᠢ ᠶᠢᠨ ᠲᠦ᠋ᠯᠦᠭᠡᠯᠡᠭ᠍ᠴᠢ ᠪᠠᠢ᠌ᠴᠠᠭᠠᠨ ᠰᠤᠳ᠋ᠤᠯᠤᠯᠳ᠋ᠠ ᠳ᠋ᠦ ᠤᠷᠤᠯᠴᠠᠪᠠ᠃

ᠪᠠᠢ᠌ᠴᠠᠭᠠᠨ ᠰᠤᠳ᠋ᠤᠯᠬᠤ ᠲᠤᠭᠤᠢ᠌ᠯᠠᠩ ᠵᠠᠷᠤᠳ ᠬᠤᠰᠢᠭᠤᠨ ᠤ ᠪᠠᠢ᠌ᠴᠠᠭᠠᠬᠤ ᠬᠤᠷᠢᠶᠠᠨ ᠤ ᠨᠠᠰᠤᠨ ᠳᠤ ᠦᠯᠦ ᠬᠦᠷᠦᠭ᠍ᠰᠡᠳ ᠢ ᠪᠠᠢ᠌ᠴᠠᠭᠠᠬᠤ ᠨᠢᠭᠡ ᠴᠤᠭᠴᠠᠵᠢᠭᠤᠯᠤᠭᠰᠠᠨ ᠬᠡᠷᠡᠭ᠌ ᠰᠢ᠌ᠳᠪᠦᠷᠢᠯᠡᠬᠦ ᠲᠥᠪ᠂ ᠪᠠᠢ᠌ᠴᠠᠭᠠᠬᠤ ᠦᠢᠯᠡᠴᠢᠯᠡᠭᠡᠨ ᠦ ᠶᠡᠬᠡ ᠲᠢᠩᠭᠢᠮ ᠳ᠋ᠦ ᠲᠤᠬᠠᠢ ᠶᠢᠨ ᠲᠠᠯᠠᠪᠤᠷ ᠲᠤᠨᠢ ᠪᠠᠢ᠌ᠴᠠᠭᠠᠨ ᠰᠤᠳ᠋ᠤᠯᠤᠯᠳ᠋ᠠ ᠬᠢᠵᠦ᠂ ᠨᠠᠰᠤᠨ ᠳᠤ ᠥᠯᠦ ᠬᠦᠷᠦᠭ᠍ᠰᠡᠳ ᠲᠤ ᠬᠤᠯᠪᠤᠭᠳ᠋ᠠᠭᠰᠠᠨ ᠬᠡᠷᠡᠭ᠌ ᠢ ᠰᠢ᠌ᠳᠪᠦᠷᠢᠯᠡᠬᠦ ᠶᠠᠪᠤᠴᠠ᠂ ᠬᠡᠷᠡᠭ᠌ ᠰᠢ᠌ᠳᠪᠦᠷᠢᠯᠡᠬᠦ ᠲᠥᠪ ᠦᠨ ᠬᠡᠷᠡᠭᠯᠡᠯᠳ᠋ᠡ ᠶᠢᠨ ᠪᠠᠢ᠌ᠳ᠋ᠠᠯ ᠵᠢᠴᠢ ᠪᠠᠢ᠌ᠴᠠᠭᠠᠬᠤ ᠦᠢᠯᠡᠴᠢᠯᠡᠭᠡᠨ ᠦ ᠶᠡᠬᠡ ᠲᠢᠩᠭᠢᠮ ᠦᠨ ᠵᠠᠭᠠᠯᠳ᠋ᠤᠯᠭᠠ ᠭᠤᠮᠤᠳ᠋ᠠᠯ ᠲᠤᠭᠠᠴᠢᠯᠳ᠋ᠡ ᠶᠢ ᠬᠦᠯᠢᠶᠡᠨ ᠠᠪᠬᠤ᠂ ᠬᠡᠷᠡᠭ᠌ ᠢ ᠰᠢᠯᠵᠢᠭᠦᠯᠦᠨ ᠬᠠᠮᠢᠶᠠᠷᠬᠤ᠂ ᠬᠠᠦᠯᠢ ᠴᠠᠭᠠᠵᠠ ᠶᠢᠨ ᠲᠤᠬᠠᠢ᠌ᠯᠠᠭᠰᠠᠨ ᠠᠵᠢᠯ ᠤᠨ ᠵᠦ᠋ᠪᠯᠡᠯᠭᠡ ᠥᠭ᠍ᠭᠥ᠂ ᠬᠠᠦᠯᠢᠴᠢ ᠶᠢᠨ ᠡᠪᠬᠡᠮᠡᠯ ᠦᠵᠡᠵᠦ ᠬᠦᠯᠢᠶᠡᠨ ᠠᠪᠬᠤ ᠵᠡᠷᠭᠡ ᠠᠵᠢᠯ ᠢ ᠦᠷᠨᠢᠭᠦᠯᠦᠭ᠍ᠰᠡᠨ ᠪᠠᠢ᠌ᠳ᠋ᠠᠯ ᠢ ᠨᠠᠷᠢᠨ ᠤᠢ᠌ᠯᠠᠭᠠᠪᠠ᠃ ᠲᠠᠷᠠᠭ᠎ᠠ ᠨᠢ᠂ ᠪᠠᠢ᠌ᠴᠠᠭᠠᠨ ᠰᠤᠳ᠋ᠤᠯᠬᠤ ᠲᠤᠭᠤᠢ᠌ᠯᠠᠩ ᠰᠠᠭᠤᠳ᠋ᠠᠯ ᠤᠨ ᠬᠤᠷᠠᠯ ᠬᠤᠷᠠᠯᠳ᠋ᠤᠭᠤᠯᠤᠨ᠂ ᠵᠠᠷᠤᠳ ᠬᠤᠰᠢᠭᠤᠨ ᠤ ᠪᠠᠢ᠌ᠴᠠᠭᠠᠬᠤ ᠬᠤᠷᠢᠶᠠᠨ ᠤ《2020 ᠣᠨ ᠡᠴᠡ 2023 ᠣᠨ ᠤ 4 ᠳ᠋ᠦ᠋ᠭᠡᠷ ᠰᠠᠷ᠎ᠠ ᠬᠦᠷᠳ᠋ᠡᠯᠡᠬᠢ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠠᠵᠢᠯ ᠤᠨ ᠪᠠᠢ᠌ᠳ᠋ᠠᠯ ᠤᠨ ᠮᠡᠳ᠋ᠡᠭᠦᠯᠦᠯᠳ᠋ᠡ》 ᠶᠢ ᠰᠤᠨᠤᠰᠤᠭᠰᠠᠨ ᠪᠦᠭᠡᠳ ᠲᠤᠮᠳ᠋ᠠᠳ᠋ᠤ ᠣᠯᠤᠰ ᠤᠨ ᠡᠪ ᠬᠠᠮᠳ᠋ᠤ ᠨᠠᠮ ᠤᠨ ᠲᠥᠪ ᠬᠤᠷᠢᠶᠠᠨ ᠤ 《ᠰᠢᠨ᠎ᠠ ᠴᠠᠭ ᠥᠶ᠎ᠠ ᠶᠢᠨ ᠪᠠᠢ᠌ᠴᠠᠭᠠᠬᠤ ᠪᠠᠢ᠌ᠭᠤᠯᠭ᠎ᠠ ᠶᠢᠨ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠠᠵᠢᠯ ᠤᠨ ᠲᠤᠬᠠᠢ ᠰᠠᠨᠠᠭᠤᠯᠭ᠎ᠠ ᠶᠢ ᠴᠢᠩᠭ᠋ᠠᠳᠬᠠᠬᠤ》᠂ ᠦᠪᠡᠷᠳ᠋ᠡᠭᠡᠨ ᠵᠠᠰᠠᠬᠤ ᠤᠷᠤᠨ ᠤ《 ᠰᠢᠨ᠎ᠠ ᠴᠠᠭ ᠥᠶ᠎ᠠ ᠶᠢᠨ ᠪᠠᠢ᠌ᠴᠠᠭᠠᠬᠤ ᠪᠠᠢ᠌ᠭᠤᠯᠭ᠎ᠠ ᠶᠢᠨ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠠᠵᠢᠯ ᠤᠨ ᠲᠤᠬᠠᠢ ᠰᠠᠨᠠᠭᠤᠯᠭ᠎ᠠ ᠶᠢ ᠴᠢᠩᠭ᠋ᠠᠳᠬᠠᠬᠤ ᠭᠤᠤᠯᠳ᠋ᠠᠯᠭ᠎ᠠ ᠲᠡᠶ ᠠᠷᠭ᠎ᠠ ᠠᠪᠴᠠᠯ ᠢ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠬᠤ》 ᠪᠤᠯᠤᠨ ᠦᠪᠡᠷᠳ᠋ᠡᠭᠡᠨ ᠵᠠᠰᠠᠬᠤ ᠤᠷᠤᠨ ᠤ ᠠᠷᠠᠳ ᠤᠨ ᠲᠦ᠋ᠯᠦᠭᠡᠯᠡᠭ᠍ᠴᠢᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ《ᠰᠢᠨ᠎ᠠ ᠴᠠᠭ ᠥᠶ᠎ᠠ ᠶᠢᠨ ᠪᠠᠢ᠌ᠴᠠᠭᠠᠬᠤ ᠪᠠᠢ᠌ᠭᠤᠯᠭ᠎ᠠ ᠶᠢᠨ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠠᠵᠢᠯ ᠤᠨ ᠰᠢ᠌ᠳᠪᠦᠷᠢ》 ᠶᠢ ᠲᠤᠭᠤᠰᠢᠯᠠᠭᠤᠯᠤᠨ ᠨᠠᠢ᠌ᠳ᠋ᠠᠪᠤᠷᠢᠵᠢᠭᠤᠯᠬᠤ ᠵᠢᠴᠢ ᠰᠢᠨ᠎ᠠ ᠴᠠᠭ ᠥᠶ᠎ᠠ ᠶᠢᠨ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠠᠵᠢᠯ ᠢ ᠲᠠᠰᠤᠷᠠᠯᠳ᠋ᠡ ᠦᠭᠡᠶ ᠴᠢᠩᠭ᠋ᠠᠳᠬᠠᠬᠤ ᠵᠡᠷᠭᠡ ᠠᠭᠤᠯᠭ᠎ᠠ ᠶᠢᠨ ᠲᠤᠭᠤᠷᠢᠨ ᠳᠤ ᠭᠦᠨᠵᠡᠭᠡᠢ ᠰᠠᠨᠠᠯ ᠶᠢᠡᠨ ᠰᠤᠯᠢᠯᠴᠠᠨ᠂ ᠬᠤᠷᠠᠯ ᠳᠤ ᠤᠷᠤᠯᠴᠠᠭᠰᠠᠳ ᠤᠨ ᠰᠠᠨᠠᠯ ᠰᠠᠨᠠᠭᠤᠯᠭ᠎ᠠ ᠶᠢ ᠨᠠᠷᠢᠨ ᠬᠢᠨᠠᠮᠠᠭᠠᠢ ᠰᠤᠨᠤᠰᠪᠠ᠃

ᠪᠠᠢ᠌ᠴᠠᠭᠠᠨ ᠰᠤᠳ᠋ᠤᠯᠬᠤ ᠲᠤᠭᠤᠢ᠌ᠯᠠᠩ ᠵᠠᠷᠤᠳ ᠬᠣᠰᠢᠭᠤᠨ ᠤ ᠪᠠᠢ᠌ᠴᠠᠭᠠᠬᠤ ᠬᠤᠷᠢᠶ᠎ᠠ ᠶᠢᠨ 2020 ᠣᠨ ᠡᠴᠡ ᠨᠠᠭᠠᠰᠢᠬᠢ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠠᠵᠢᠯ ᠢ ᠲᠡᠭᠡᠳ᠋ᠦ ᠬᠡᠮᠵᠢᠶ᠎ᠠ ᠪᠠᠷ ᠨᠤᠳ᠋ᠠᠯᠠᠭᠰᠠᠨ ᠪᠦᠭᠡᠳ ᠵᠠᠷᠤᠳ ᠬᠤᠰᠢᠭᠤᠨ ᠤ ᠪᠠᠢ᠌ᠴᠠᠭᠠᠬᠤ ᠬᠤᠷᠢᠶ᠎ᠠ 《ᠲᠦ᠋ᠷᠪᠡᠨ ᠶᠡᠬᠡ ᠪᠠᠢ᠌ᠴᠠᠭᠠᠬᠤ》 ᠡᠭᠦᠷᠭᠡ ᠴᠢᠳ᠋ᠠᠪᠤᠷᠢ ᠪᠠᠨ ᠬᠠᠦᠯᠢ ᠶᠤᠰᠤᠭᠠᠷ ᠭᠦᠢᠴᠡᠳᠭᠡᠨ᠂ ᠬᠠᠦᠯᠢ ᠴᠠᠭᠠᠵᠠ ᠶᠢᠨ ᠬᠢᠨᠠᠯᠳ᠋ᠠ ᠲᠠᠯᠪᠢᠬᠤ ᠴᠢᠳ᠋ᠠᠪᠤᠷᠢ ᠶᠢᠨ ᠬᠢᠷᠢ ᠲᠥᠪᠰᠢᠨ ᠢᠶᠡᠨ ᠬᠦᠴᠦᠯᠡᠨ ᠲᠡᠭᠡᠭ᠍ᠰᠢᠯᠡᠭᠦᠯᠵᠦ᠂ ᠶᠡᠬᠡ ᠲᠠᠯ᠎ᠠ ᠳᠤ ᠦᠢᠯᠡᠴᠢᠯᠡᠬᠦ ᠪᠠᠢ᠌ᠷᠢ ᠲᠤᠭᠳ᠋ᠠᠭᠠᠯᠳ᠋ᠠ ᠨᠢ ᠤᠨᠤᠪᠴᠢᠳ᠋ᠠᠢ᠂ ᠬᠠᠦᠯᠢ ᠶᠤᠰᠤᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠭᠡᠭ᠍ᠰᠡᠨ ᠥᠷ᠎ᠠ ᠪᠦᠳ᠋ᠦᠮᠵᠢ ᠨᠢ ᠰᠠᠢ᠌ᠨ᠂ ᠠᠵᠢᠯ ᠤᠨ ᠠᠷᠭ᠎ᠠ ᠠᠪᠴᠠᠯ ᠨᠢ ᠥᠷ᠎ᠠ ᠪᠦᠳ᠋ᠦᠮᠵᠢᠳ᠋ᠠᠢ ᠭᠡᠵᠦ ᠢᠯᠡᠳᠭᠡᠪᠡ᠃ (ᠯᠸᠢ ᠫᠠᠩ)