ᠤᠳᠤ ᠶᠢᠨ ᠪᠠᠢ᠌ᠷᠢ᠄ ᠲᠦᠯᠤᠭᠡᠯᠡᠭᠴᠢ ᠶᠢᠨ ᠭᠡᠷ ᠪᠦᠯᠢ → ᠴᠠᠭ ᠦᠷᠬᠦᠯᠵᠢ ᠤᠯᠨᠨ ᠲᠦᠮᠨᠨ ᠢ ᠪᠠᠨ ᠪᠤᠳᠤᠵᠤ᠁
ᠴᠠᠭ ᠦᠷᠬᠦᠯᠵᠢ ᠤᠯᠨᠨ ᠲᠦᠮᠨᠨ ᠢ ᠪᠠᠨ ᠪᠤᠳᠤᠵᠤ ᠶᠠᠪᠤᠳᠠᠭ ᠠᠷᠠᠳ ᠤᠨ ᠲᠦᠯᠤᠭᠡᠯᠡᠭᠴᠢ  ——— ᠸᠸᠨ ᠰᠢᠤ ᠴᠸᠩ

 ᠭᠠᠴᠠᠭᠠᠨ ᠲᠠᠷᠤᠭ᠎ᠠ ᠶᠢᠨ ᠲᠤᠰᠢᠶᠠᠯ ᠢ 14 ᠵᠢᠯ ᠬᠠᠷᠢᠭᠤᠴᠠᠵᠤ᠂ ᠤᠯᠨᠨ ᠲᠦᠮᠨᠨ ᠢ ᠪᠠᠨ ᠲᠠᠢᠴᠢᠯᠨᠨ ᠤᠨᠴᠠᠯᠢᠭᠳᠤ ᠲᠠᠷᠢᠮᠠᠯ ᠤᠨ ᠪᠠᠶᠠᠵᠢᠯ ᠤᠨ ᠵᠠᠮ ᠶᠢᠠᠷ ᠵᠠᠮᠨᠠᠨ᠂ ᠬᠦᠴᠢᠷ ᠪᠡᠷᠭᠡᠰᠢᠶᠠᠯ ᠢ ᠬᠠᠢᠬᠤᠷᠤᠯ ᠦᠭᠡᠢ ᠪᠡᠷ ᠨᠢᠭᠡ ᠰᠡᠳᠬᠢᠯ ᠨᠢᠭᠡ ᠵᠤᠷᠢᠭ ᠶᠢᠠᠷ ᠨᠠᠰᠤᠳᠠᠨ ᠢ ᠠᠰᠠᠷᠠᠬᠤ ᠬᠦᠷᠢᠶᠠᠯᠡᠩ ᠢ ᠪᠠᠢᠭᠤᠯᠤᠭᠰᠨᠨ ᠡᠨᠡ ᠬᠦᠮᠤᠨ ᠪᠤᠯ ᠪᠠᠶᠠᠨᠳᠠᠯ᠎ᠠ ᠰᠤᠮᠤ ᠶᠢᠨ ᠲᠠᠢ  ᠫᠢᠩ ᠱᠠᠨ ᠲᠤᠰᠬᠤᠨ ᠤ ᠨᠠᠮ ᠤᠨ ᠡᠬᠦᠷ ᠤᠨ ᠱᠦᠵᠢ᠂ ᠭᠠᠴᠠᠭᠠᠨ ᠵᠦᠪᠯᠡᠯ ᠤᠨ ᠡᠷᠬᠢᠯᠡᠭᠴᠢ ᠪᠦᠭᠡᠳ ᠬᠤᠰᠢᠭᠤᠨ ᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠦᠯᠤᠭᠡᠯᠡᠭᠴᠢ ᠸᠸᠨ ᠰᠢᠤ ᠴᠸᠩ ᠪᠤᠯᠤᠨ᠎ᠡ᠃
      ᠬᠤᠰᠢᠭᠤᠨ ᠲᠠᠰ ᠤᠨ ᠠᠷᠠᠳ ᠤᠨ ᠲᠦᠯᠤᠭᠡᠯᠡᠭᠴᠢ ᠪᠤᠯᠤᠭᠰᠨᠨ ᠤ ᠬᠤᠪᠢ ᠳᠤ᠂ ᠲᠠᠷᠨ ᠰᠡᠳᠬᠢᠯ᠎  ᠳᠡᠭᠡᠨ ᠭᠡᠷᠬᠢᠨ ᠤᠯᠨᠨ ᠲᠦᠮᠨᠨ ᠤ ᠤᠷᠤᠯᠭ᠎ᠠ ᠶᠢ ᠨᠡᠮᠡᠭᠳᠡᠬᠦᠯᠤᠨ ᠪᠠᠶᠠᠵᠢᠯ ᠤᠨ ᠵᠠᠮ ᠶᠢᠠᠷ ᠵᠠᠮᠨᠠᠭᠤᠯᠬᠤ ᠶᠢ ᠯᠨ ᠪᠤᠳᠤᠯᠬᠢᠯᠠᠳᠠᠭ᠃ ᠲᠠᠢ ᠫᠢᠩ ᠱᠠᠨ ᠲᠤᠰᠬᠤᠨ ᠤ ᠠᠵᠤ ᠤᠢᠯᠡᠰ ᠢ ᠬᠦᠭᠵᠢᠬᠦᠯᠤᠨ ᠲᠠᠷᠢᠶᠠᠴᠢᠳ ᠢ ᠪᠠᠶᠠᠵᠢᠭᠤᠯᠬᠤ ᠶᠢᠨ ᠲᠦᠯᠤᠭᠡ᠂ ᠲᠠᠷᠨ 2008 ᠤᠨ ᠳᠤ ᠲᠤᠯᠠᠭᠠᠨ ᠬᠦᠮᠡᠯᠵᠢ ᠳᠤ ᠢᠳᠡᠰᠢᠨ ᠨᠤᠭᠤᠭ᠎ᠠ ᠲᠠᠷᠢᠬᠤ ᠬᠦᠰᠡᠯ ᠪᠤᠳᠤᠯ ᠡᠪᠤᠷᠯᠨᠨ᠂ ᠭᠠᠳᠠᠭᠰᠢ ᠭᠠᠷᠴᠤ ᠪᠠᠢᠴᠠᠭᠠᠯᠳᠠ ᠬᠢᠬᠦ ᠪᠡᠷ ᠲᠠᠮᠵᠢᠨ᠂ ᠦᠨᠳᠤᠷ ᠴᠠᠯᠢᠩ ᠬᠦᠯᠤᠰᠤ ᠪᠡᠷ ᠮᠡᠷᠭᠡᠵᠢᠯᠳᠡᠠ ᠤᠷᠢᠨ ᠵᠠᠯᠠᠵᠤ᠂ ᠬᠠᠪᠤᠷ ᠭᠤᠸᠨ ᠲᠠᠷᠢᠬᠤ᠂ ᠡᠪᠤᠯ ᠨᠤᠭᠤᠭ᠎ᠠ ᠲᠠᠷᠢᠬᠤ ᠶᠢ ᠵᠢᠭᠠᠨ ᠵᠢᠯᠤᠭᠤᠳᠤᠭᠤᠯᠤᠭᠰᠨᠨ ᠡᠴᠨ ᠲᠠᠷᠢᠶᠠᠴᠢᠳ ᠤᠨ ᠲᠤᠯᠠᠭᠠᠨ ᠬᠦᠮᠡᠯᠵᠢ ᠶᠢᠨ ᠴᠡᠪᠡᠷ ᠤᠷᠤᠯᠭ᠎ᠠ ᠮᠤ ᠪᠦᠷᠢ ᠳᠤ ᠪᠠᠨ 2000 ᠲᠦᠬᠦᠷᠢᠭ ᠶᠢᠠᠷ ᠨᠡᠮᠡᠭᠳᠡᠭᠰᠨᠨ ᠪᠠᠢᠨ᠎ᠡ᠃ ᠲᠤᠰᠬᠤᠨ ᠤ ᠠᠷᠠᠳ ᠠᠰᠢᠭ ᠤᠷᠤᠯᠭ᠎ᠠ ᠰᠠᠢᠨ ᠪᠠᠢᠳᠠᠯ ᠢ ᠦᠵᠡᠭᠰᠡᠨ ᠡᠴᠨ ᠵᠠᠯᠭᠠᠪᠠᠷ ᠢᠳᠡᠰᠢᠨ ᠨᠤᠭᠤᠭ᠎ᠠ ᠶᠢᠨ ᠫᠸᠩ ᠰᠠᠷᠠᠪᠴᠢ ᠬᠢᠵᠤ ᠡᠬᠢᠯᠡᠭᠰᠨᠨ ᠪᠠᠢᠨ᠎ᠡ᠃
      ᠸᠸᠨ ᠰᠢᠤ ᠴᠸᠩ ᠪᠤᠯ ᠤᠯᠨᠨ ᠢ ᠪᠠᠨ ᠲᠠᠢᠴᠢᠯᠨᠨ ᠢᠳᠡᠰᠢᠨ ᠨᠤᠭᠤᠭ᠎ᠠ ᠶᠢᠨ ᠫᠸᠩ ᠰᠠᠷᠠᠪᠴᠢ ᠪᠠᠢᠭᠤᠯᠤᠭᠰᠨᠨ ᠠᠷᠠᠳ ᠤᠨ ᠲᠦᠯᠤᠭᠡᠯᠡᠭᠴᠢ᠂ ᠰᠠᠢᠨ ᠱᠦᠵᠢ ᠮᠦᠷᠳᠡᠭᠡᠨ ᠮᠦᠨᠴᠤ ᠲᠠᠢ ᠫᠢᠩ ᠱᠠᠨ  ᠤ ᠨᠠᠰᠤᠳᠠᠨ ᠢ ᠠᠰᠠᠷᠠᠬᠤ ᠬᠦᠷᠢᠶᠠᠯᠡᠩ ᠤᠨ ᠲᠠᠷᠤᠭ᠎ᠠ ᠪᠤᠯᠤᠨ᠎ᠡ᠃ 2016 ᠤᠨ ᠳᠤ᠂ ᠸᠸᠨ ᠰᠢᠤ ᠴᠸᠩ ᠨᠠᠰᠤᠳᠠᠨ ᠢ ᠠᠰᠠᠷᠠᠬᠤ ᠬᠦᠷᠢᠶᠠᠯᠠᠩ ᠤᠨ ᠲᠠᠷᠤᠭ᠎ᠠ ᠶᠢᠨ ᠲᠤᠰᠢᠶᠠᠯ ᠢ ᠬᠠᠷᠢᠭᠤᠴᠠᠭᠰᠨᠨ ᠡᠴᠨ ᠨᠠᠰᠢ᠂ ᠲᠠᠷᠨ ᠬᠤᠰᠢᠭᠤᠨ ᠤ ᠲᠤᠳᠤᠨ᠎ᠡ ᠭᠠᠳᠠᠨᠠᠬᠢ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠤᠯᠨᠨ ᠤᠳᠠᠭ᠎ᠠ ᠬᠠᠷᠢᠯᠴᠠᠨ᠂ ᠲᠦᠷᠤᠯ ᠵᠤᠢᠯ᠂ ᠪᠠᠯᠨ ᠮᠦᠩᠬᠦ ᠴᠷᠮᠠᠢᠨ ᠤᠯᠵᠤ ᠠᠪᠴᠢᠷᠠᠨ᠂ ᠨᠠᠰᠤᠳᠠᠨ ᠢ ᠠᠰᠠᠷᠠᠬᠤ ᠬᠦᠷᠢᠶᠠᠯᠠᠩ ᠤᠨ ᠡᠯ᠎ᠠ ᠵᠤᠢᠯ ᠤᠨ ᠰᠠᠭᠤᠷᠢ ᠲᠦᠬᠦᠭᠡᠷᠤᠮᠵᠢ ᠪᠠᠨ ᠪᠦᠷᠢᠨ ᠲᠠᠬᠦᠯᠳᠡᠷᠵᠢᠬᠦᠯᠵᠤ᠂ ᠬᠦᠳᠡᠯᠭᠡᠭᠡᠨ ᠤ ᠭᠡᠷ ᠪᠠᠢᠭᠤᠯᠤᠨ᠂ ᠪᠠᠶ᠎ᠠ ᠪᠤᠯᠪᠠᠰᠤᠷᠠᠭᠤᠯᠬᠤ ᠭᠡᠷᠡᠭᠰᠡᠯ ᠤᠭᠰᠠᠷᠠᠵᠤ᠂ ᠭᠡᠷ ᠲᠤᠳᠤᠷ᠎ᠠ ᠵᠤᠷᠯᠤᠩ᠂ ᠤᠬᠢᠶᠠᠯ ᠤᠨ ᠭᠡᠷ᠂ ᠢᠯᠢᠯᠭᠡ ᠵᠠᠰᠠᠯ ᠤᠨ ᠰᠢᠷᠡᠭᠡ ᠵᠡᠷᠭᠡ ᠶᠢ ᠢᠵᠢ ᠪᠦᠷᠢᠳᠤᠬᠦᠯᠵᠤ᠂ ᠨᠠᠰᠤᠳᠠᠳ ᠲᠤ ᠲᠠᠭᠠᠯᠠᠮᠵᠢᠳᠠᠢ ᠤᠷᠴᠢᠨ ᠲᠤᠭᠤᠷᠢᠨ ᠢ ᠪᠠᠢᠭᠤᠯᠵᠤ ᠦᠭᠬᠦᠭᠰᠨᠨ ᠪᠠᠢᠨ᠎ᠡ᠃《 ᠭᠠᠵᠠᠷ ᠲᠤᠤᠷ᠎ᠠ ᠡᠴᠨ  ᠭᠡᠷ ᠢ ᠲᠤᠯᠠᠭᠠᠯᠠᠬᠤ ᠶᠢ ᠤᠭᠰᠠᠷᠠᠵᠤ ᠦᠭᠬᠦᠭᠰᠨᠨ ᠶᠢᠠᠷ ᠪᠠᠷᠠᠬᠤ ᠦᠭᠡᠢ ᠡᠨᠳᠡᠬᠢ ᠬᠤᠭᠤᠯᠨ ᠪᠤᠳᠠᠭ᠎ᠠ ᠨᠢ ᠴᠤ ᠠᠮᠳᠠ ᠲᠠᠢ ᠂ ᠬᠤᠭᠤᠯᠨ ᠪᠤᠯᠭᠠᠨ ᠳᠤ ᠮᠢᠬ᠎ᠠ ᠲᠠᠢ》ᠭᠡᠵᠤ ᠨᠠᠰᠤᠳᠠᠨ ᠢ ᠠᠰᠠᠷᠠᠬᠤ ᠬᠦᠷᠢᠶᠡᠯᠡᠩ ᠳᠤ ᠭᠤᠷᠪᠠᠨ ᠵᠢᠯ ᠰᠠᠭᠤᠭᠰᠨᠨ ᠵᠢᠶᠨ ᠰᠢᠶᠠᠩ ᠳ᠋᠋ᠦ᠋ᠩ ᠨᠠᠰᠤᠳᠠᠨ ᠡᠨᠡᠬᠦ ᠠᠮᠢᠳᠤᠷᠠᠯ ᠳᠠᠭᠠᠨ ᠲᠤᠢᠯ ᠶᠢᠠᠷ ᠬᠠᠨᠤᠮᠵᠢᠳᠠᠢ ᠪᠠᠢᠵᠤ᠂ ᠡᠨᠳᠠᠬᠢ ᠶᠢ ᠦᠪᠡᠷ ᠤᠨ ᠭᠡᠷ ᠶᠢᠠᠨ ᠰᠢᠭ ᠪᠤᠳᠤᠳᠠᠭ ᠪᠤᠯᠵᠠᠢ᠃
      ᠸᠸᠨ ᠰᠢᠤ ᠴᠸᠩ 14 ᠵᠢᠯ ᠤᠨ ᠲᠤᠷᠰᠢ᠂ ᠤᠯᠨᠨ ᠲᠦᠮᠨᠨ ᠶᠢᠠᠨ ᠬᠠᠯᠠᠮᠵᠢᠯᠨᠵᠤ᠂ ᠲᠤᠰᠬᠤᠨ ᠤ ᠠᠷᠠᠳ ᠤᠨ ᠠᠰᠢᠭ ᠲᠤᠰᠨ ᠶᠢ ᠲᠠᠷᠢᠬᠦᠨ ᠪᠠᠢᠷᠢᠨ ᠳᠤ ᠲᠠᠯᠪᠢᠨ᠂ ᠪᠤᠳᠠᠳᠠᠢ ᠶᠠᠪᠤᠳᠠᠯ ᠬᠢᠵᠤ᠂ ᠲᠠᠷᠨ ᠦᠪᠡᠷ ᠤᠨ ᠬᠠᠳᠠᠭᠤᠵᠢᠯᠳᠠᠢ ᠬᠦᠳᠡᠯᠮᠤᠷᠢ ᠬᠦᠴᠤ ᠪᠡᠷ ᠶᠢᠠᠨ ᠤᠯᠨᠨ ᠲᠦᠮᠨᠨ ᠤ ᠢᠳᠡᠭᠡᠯ ᠪᠢᠰᠢᠷᠡᠯ᠂ ᠵᠤᠯ ᠵᠢᠷᠭᠠᠯ ᠢ ᠰᠤᠯᠢᠵᠤ ᠠᠪᠴᠢᠷᠠᠭᠰᠨᠨ ᠪᠠᠢᠨ᠎ᠡ᠃ ᠭᠡᠪᠡᠴᠤ ᠲᠠᠷᠨ᠂ ᠤᠳᠤᠬᠢ ᠪᠠᠢᠳᠠᠯ ᠳᠠᠭᠠᠨ ᠰᠡᠳᠬᠢᠯ ᠲᠦᠬᠦᠷᠡᠩ ᠪᠤᠯᠵᠤ ᠬᠤᠢᠰᠢ ᠰᠠᠭᠤᠭ᠎ᠠ ᠦᠭᠡᠢ᠂ ᠮᠦᠨ ᠦᠷᠬᠦᠯᠵᠢᠯᠨᠨ ᠤᠯᠨᠨ ᠲᠦᠮᠨᠨ ᠶᠢᠠᠨ ᠲᠠᠢᠴᠢᠯᠠᠨ ᠴᠢᠨᠡᠭᠡᠯᠢᠭ᠌ ᠠᠮᠢᠳᠤᠷᠠᠯ ᠢ ᠡᠳ᠋ᠯᠡᠬᠦᠯᠵᠤ᠂ ᠠᠷᠠᠳ ᠤᠨ ᠲᠦᠯᠤᠭᠡᠯᠡᠭᠴᠢ ᠶᠢᠨ ᠤᠢᠯᠡᠳᠤᠯ ᠶᠢᠨ ᠦᠷᠬᠦᠯᠵᠢᠯᠨᠨ ᠪᠠᠳᠠᠷᠠᠭᠤᠯᠤᠨ᠎ᠡ ᠭᠡᠵᠤ ᠵᠤᠷᠢᠭ ᠰᠢᠢᠭᠤᠳᠴᠤ ᠪᠠᠢᠯ᠎ᠠ᠃
      


ᠡᠮᠦᠨᠡᠬᠢ᠄ ᠮᠢᠨᠤ ᠮᠦᠷᠤᠨ ᠳᠡᠭᠡᠨ ᠡᠬᠦᠷᠭᠡᠯᠡᠵᠤ ᠶᠠᠪᠤᠭ᠎ᠠ ᠪᠤᠯ ᠮᠠᠯᠴᠢᠨ ᠲᠦᠮᠨᠨ ᠤ ᠴᠢᠨᠡᠭᠡᠯᠢᠭ᠍ᠵᠢᠯ ᠤᠨ ᠵᠡᠬᠦᠳᠤ ᠮᠦᠨ ᠎——ᠡᠤ ᠶᠦᠨ ᠪᠦᠸᠸ
ᠳᠠᠷᠠᠭᠠᠬᠢ᠄ ᠠᠷᠠᠳ ᠤᠨ ᠲᠦ᠋ᠯᠦᠭᠡᠯᠡᠭ᠍ᠴᠢ ᠰᠦᠨ ᠱᠸᠤ ᡁᠢ ᠤᠯᠠᠨ ᠲᠦ᠋ᠮᠡᠨ ᠲᠡᠶ ᠰᠡᠳᠬᠢᠯ ᠵᠢᠷᠦᠭᠡ ᠪᠠᠨ ᠬᠤᠯᠪᠤᠨ ᠬᠠᠢᠷ᠎ᠠ ᠰᠡᠳᠬᠢᠯ ᠢᠶᠠᠨ ᠡᠷᠬᠦᠵᠤ ᠶᠠᠪᠤᠭ᠎ᠠ