ᠤᠳᠤ ᠶᠢᠨ ᠪᠠᠢ᠌ᠷᠢ᠄ ᠪᠠᠢ᠌ᠩᠭᠤ ᠶᠢᠨ ᠬᠤᠷᠢᠶᠠᠨ ᠤ ᠠᠵᠢᠯ → ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ᠁
ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ〈 ᠭᠤᠷᠪᠠᠨ ᠶᠠᠪᠤᠳ᠋ᠠᠯ ᠢ ᠢᠯᠡ ᠪᠤᠯᠭᠠᠬᠤ〉ᠠᠵᠢ᠍ᠯ ᠢ ᠲᠤᠤᠱᠲᠠᠢ ᠶᠠᠪᠤᠭᠳ᠋ᠠᠭᠤᠯᠵᠤ ᠪᠠᠢ᠌ᠭ᠎ᠠ


          ᠨᠠᠮ ᠤᠨ ᠰᠤᠷᠳ᠋ᠠᠯ ᠠᠷᠢᠭᠤᠨ ᠴᠢ᠍ᠭᠡᠴᠢ ᠪᠡᠷ ᠵᠠᠰᠠᠭ  ᠪᠠᠷᠢᠬᠤ ᠪᠦᠲᠦᠭᠡᠨ ᠪᠠᠢ᠌ᠭᠤᠯᠤᠯᠳ᠋ᠡ ᠶᠢ ᠭᠦᠨᠵᠡᠭᠡᠢ᠌ᠷᠡᠬᠦᠯᠵᠤ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢᠭᠤᠯᠭ᠎ᠠ ᠶᠢᠨ〈 ᠭᠤᠷᠪᠠᠨ ᠶᠠᠪᠤᠳ᠋ᠠᠯ ᠢ ᠢᠯᠡ ᠪᠤᠯᠭᠠᠬᠤ〉ᠠᠵᠢ᠍ᠯ ᠢ ᠤᠯᠠᠮ ᠨᠢ᠍ᠭᠡ ᠠᠯᠬᠤᠮ ᠳᠡᠭᠦᠯᠳ᠋ᠡᠷᠵᠢ᠍ᠭᠦᠯᠬᠦ ᠶᠢᠨ ᠲᠦ᠋ᠯᠦᠭᠡ᠂1 ᠰᠠᠷ᠎ᠠ ᠶᠢᠨ 8 ᠋ ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠨᠠᠮ ᠤᠨ ᠤᠳᠤᠷᠢᠳᠬᠤ ᠲᠤᠭᠤᠢ᠌ᠯᠠᠩ ᠡᠴᠡ ᠲᠤᠰᠬᠠᠢ ᠰᠡᠳ᠋ᠦᠪᠳ᠋ᠦ ᠬᠤᠷᠠᠯ ᠬᠤᠷᠠᠯᠳ᠋ᠤᠭᠤᠯᠵᠤ᠂ 2019 ᠤᠨ ᠤᠭᠤᠷᠪᠠᠨ ᠶᠠᠪᠤᠳ᠋ᠠᠯ ᠢ ᠢᠯᠡ ᠪᠤᠯᠭᠠᠬᠤ〉 ᠠᠵᠢ᠍ᠯ ᠢ ᠰᠤᠳ᠋ᠤᠯᠤᠨ ᠪᠠᠢ᠌ᠷᠢ᠍ᠯᠠᠭᠤᠯᠪᠠ᠃ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠨᠠᠮ ᠤᠨ ᠤᠳᠤᠷᠢᠳᠬᠤ ᠲᠤᠭᠤᠢ᠌ᠯᠠᠩ ᠤᠨ ᠱᠦ᠋ᠵᠢ᠂ ᠡᠷᠬᠢᠯᠡᠭ᠍ᠴᠢ ᠪᠠᠶᠠᠨᠰᠠᠩ ᠬᠤᠷᠠᠯ ᠡᠷᠬᠢᠯᠡᠵᠤ᠂ ᠨᠠᠮ ᠤᠨ ᠤᠳᠤᠷᠢᠳᠬᠤ ᠲᠤᠭᠤᠢ᠌ᠯᠠᠩ ᠤᠨ ᠬᠡᠰᠢ᠍ᠭᠦᠳ ᠬᠤᠷᠠᠯ ᠳᠤ ᠤᠷᠤᠯᠴᠠᠪᠠ᠃ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ  ᠶᠢᠨ ᠳᠡᠳ᠋ ᠡᠷᠬᠢᠯᠡᠭ᠍ᠴᠢ ᠪᠦ᠋ ᠮᠤᠤ ᠰᠢ᠍ᠶᠠᠩ ᠵᠢᠴᠢ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠳᠤ ᠰᠠᠭᠤᠭ᠎ᠠ ᠰᠠᠬᠢᠯᠭ᠎ᠠ ᠪᠠᠲᠤ ᠪᠠᠢ᠌ᠴᠠᠭᠠᠬᠤ ᠲᠤᠭᠤᠢ᠌ᠯᠠᠩ ᠤᠨ ᠳᠠᠷᠤᠭ᠎ᠠ ᠠᠨ ᠵᠢᠨ ᠶᠢ᠍ᠤ ᠬᠤᠷᠠᠯ ᠳᠤ ᠰᠤᠯᠨ ᠤᠷᠤᠯᠴᠠᠪᠠ᠃

       


       


       
           ᠬᠤᠷᠠᠯ ᠳᠡᠭᠡᠷ᠎ᠠ᠂ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠤᠳᠤᠷᠢᠳᠬᠤ ᠲᠤᠭᠤᠢ᠌ᠯᠠᠩ ᠤᠨ ᠱᠦ᠋ᠵᠢ᠂ ᠨᠠᠷᠢ᠍ᠨ ᠪᠢᠴᠢ᠍ᠭ᠌ ᠦᠨ ᠳᠠᠷᠤᠭ᠎ᠠ ᠯᠢ ᠴᠸᠩ ᠭᠦᠸᠸ ᠡᠴᠡ ᠳᠡᠭᠡᠷ᠎ᠠ ᠵᠢᠯ ᠦᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ〈 ᠭᠤᠷᠪᠠᠨ ᠶᠠᠪᠤᠳ᠋ᠠᠯ ᠢ ᠢᠯᠡ ᠪᠤᠯᠭᠠᠬᠤ〉ᠠᠵᠢ᠍ᠯ ᠤᠨ ᠦᠷᠨᠢᠯᠳ᠋ᠡ ᠶᠢᠨ ᠪᠠᠢ᠌ᠳ᠋ᠠᠯ᠂ ᠤᠷᠤᠰᠢ᠍ᠵᠤ ᠪᠠᠢ᠌ᠭ᠎ᠠ ᠠᠰᠠᠭᠤᠳ᠋ᠠᠯ ᠪᠤᠯᠤᠨ ᠲᠤᠳ᠋ᠠᠭᠳ᠋ᠠᠯ ᠵᠢᠴᠢ ᠲᠠᠷᠠᠭᠠᠴᠢ ᠶᠢᠨ ᠠᠯᠬᠤᠮ ᠤᠨ ᠠᠵᠢ᠍ᠯ ᠤᠨ ᠪᠠᠢᠷᠢᠯᠠᠭᠤᠯᠤᠯᠳᠡ ᠶᠢ ᠬᠠᠷᠢ᠍ᠭᠤ ᠮᠡᠳ᠋ᠡᠬᠦᠯᠪᠡ᠃
           ᠬᠠᠷᠢ᠍ᠭᠤ ᠮᠡᠳ᠋ᠡᠬᠦᠯᠦᠯᠳ᠋ᠡ ᠶᠢ ᠰᠤᠨᠤᠰᠤᠭᠰᠠᠨ ᠤ ᠳᠠᠷᠠᠭ᠎ᠠ᠂ ᠪᠠᠶᠠᠨᠰᠠᠩ ᠵᠢᠭᠠᠵᠤ ᠭᠠᠷᠭᠠᠭᠰᠠᠨ ᠨᠢ᠂〈 ᠭᠤᠷᠪᠠᠨ ᠶᠠᠪᠤᠳ᠋ᠠᠯ ᠢ ᠢᠯᠡ ᠪᠤᠯᠭᠠᠬᠤ〉ᠠᠵᠢ᠍ᠯ ᠢ ᠴᠢ᠍ᠩᠭ᠋ᠠᠳᠬᠠᠬᠤ ᠨᠢ ᠰᠢ᠍ᠨ᠎ᠠ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢᠩᠭᠤ ᠶᠢᠨ ᠬᠣᠷᠢᠶ᠎ᠠ ᠶᠢᠨ ᠠᠵᠢ᠍ᠯ ᠢ ᠰᠠᠢ᠌ᠳ᠋ᠤᠷ ᠬᠢᠬᠦ ᠳᠤ ᠲᠤᠩ ᠴᠢ᠍ᠬᠤᠯᠡ ᠭᠦᠨᠵᠡᠭᠡᠢ ᠪᠤᠳ᠋ᠠᠳ᠋ᠤ ᠠᠴᠢ ᠬᠤᠯᠪᠤᠭᠳ᠋ᠠᠯ ᠲᠡᠶ ᠶᠤᠮ᠃ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠡᠷᠬᠡᠪᠰᠢ ᠢᠯᠡᠴᠢ᠍ᠯᠡᠬᠦ ᠠᠭᠤᠯᠭ᠎ᠠ ᠶᠢᠨ ᠨᠠᠷᠢ᠍ᠯᠢ᠍ᠭᠵᠢ᠍ᠯᠳ᠋ᠠ᠂ ᠠᠯᠬᠤᠮ ᠶᠠᠪᠤᠴᠠ ᠶᠢᠨ ᠲᠦ᠋ᠷᠢ᠍ᠮᠵᠢ᠍ᠯᠳ᠋ᠡ᠂ ᠤᠬᠠᠭᠤᠯᠭ᠎ᠠ ᠤᠯᠠᠨ ᠲᠠᠯᠠᠴᠢ᠍ᠯᠠᠯᠳ᠋ᠡ᠂ ᠬᠠᠷᠢ᠍ᠭᠤᠴᠠᠯᠭ᠎ᠠ ᠪᠤᠳᠠᠳᠠᠢᠵᠢᠯᠳᠠ᠂ ᠬᠢᠨᠠᠯᠳ᠋ᠡ ᠪᠠᠢᠩᠭᠤᠴᠢᠯᠠᠯᠳᠡ ᠪᠠᠢ᠌ᠬᠤ ᠵᠠᠷᠴᠢ᠍ᠮ ᠶᠤᠰᠤᠭᠠᠷ᠂ ᠦᠨᠳ᠋ᠦᠰᠦᠨ ᠱᠠᠳ᠋ᠤᠨ ᠤ ᠬᠠᠮᠢ᠍ᠶᠠᠷᠤᠯᠳ᠋ᠡ ᠦᠢ᠍ᠯᠡᠴᠢ᠍ᠯᠡᠭᠡᠨ ᠦ ᠡᠷᠬᠡ ᠶᠢᠨ ᠬᠡᠷᠡᠭ᠍ᠵᠢ᠍ᠬᠦᠯᠦᠯᠳ᠋ᠡ ᠶᠢᠨ ᠢᠯᠵᠠᠷᠠᠮᠡᠯ ᠢ ᠬᠢᠵᠠᠭᠠᠷᠯᠠᠬᠤ ᠪᠠ ᠰᠡᠷᠬᠡᠢ᠌ᠯᠡᠬᠦ ᠬᠢᠨᠠᠯᠳ᠋ᠡ ᠶᠢᠨ ᠬᠡᠯᠪᠡᠷᠢ ᠶᠢ ᠰᠦ᠋ᠪᠡᠭ᠍ᠴᠢ᠍ᠯᠡᠨ᠂ ᠦᠪᠡᠷ ᠢ ᠪᠠᠨ ᠴᠡᠪᠡᠷᠰᠢ᠍ᠭᠦᠯᠵᠤ᠂ ᠦᠪᠡᠷ ᠢ ᠪᠠᠨ ᠲᠡᠭᠦᠯᠳ᠋ᠡᠷᠵᠢ᠍ᠬᠦᠯᠦᠨ᠂ ᠦᠪᠡᠷ ᠢ ᠪᠠᠨ ᠰᠢ᠍ᠨᠡᠳᠭᠡᠵᠤ᠂ᠦᠪᠡᠷ ᠢ ᠪᠠᠨ ᠳᠡᠭᠡᠭ᠍ᠰᠢ᠍ᠯᠡᠬᠦᠯᠬᠦ ᠴᠢ᠍ᠳ᠋ᠠᠪᠤᠷᠢ ᠶᠢ ᠲᠠᠰᠤᠷᠠᠯᠳ᠋ᠠ ᠦᠭᠡᠶ ᠴᠢ᠍ᠩᠭ᠋ᠠᠳᠬᠠᠬᠤ ᠬᠡᠷᠡᠭ᠍ᠲᠡᠢ ᠭᠡᠵᠡᠢ᠃
          ᠪᠠᠶᠠᠨᠰᠠᠩ ᠱᠠᠭᠠᠷᠳ᠋ᠠᠭᠰᠠᠨ ᠨᠢ᠂ ᠨᠢ᠍ᠭᠡ ᠳᠤ ᠦᠵᠡᠯ ᠰᠠᠨᠠᠭ᠎ᠠ ᠲᠠᠨᠢᠯᠳ᠋ᠡ ᠪᠠᠨ ᠳᠡᠭᠡᠭ᠍ᠰᠢ᠍ᠯᠡᠬᠦᠯᠦᠨ᠂〈 ᠭᠤᠷᠪᠠᠨ ᠶᠠᠪᠤᠳ᠋ᠠᠯ ᠢ ᠢᠯᠡ ᠪᠤᠯᠭᠠᠬᠤ〉 ᠠᠵᠢ᠍ᠯ ᠤᠨ ᠴᠢ᠍ᠬᠤᠯᠡ ᠴᠢ᠍ᠨᠠᠷ᠂ ᠪᠠᠴᠢ᠍ᠮ ᠲᠤᠯᠭᠠᠮ᠎ᠠ ᠴᠢ᠍ᠨᠠᠷ᠂ ᠱᠠᠭᠠᠷᠳ᠋ᠠᠯᠭᠠᠳ᠋ᠤ ᠴᠢ᠍ᠨᠠᠷ ᠢ ᠬᠦᠢ᠍ᠴᠡᠳ ᠲᠠᠨᠢᠵᠤ᠂ ᠲᠤᠰ ᠠᠵᠢ᠍ᠯ ᠲᠦ᠋ᠷᠦᠯ ᠢ ᠭᠣᠣᠯᠳᠠᠯᠭᠠᠲᠤ ᠠᠵᠢ᠍ᠯ ᠲᠡᠶ ᠬᠠᠮᠳ᠋ᠤᠪᠠᠷ ᠪᠠᠢᠷᠢᠯᠠᠭᠤᠯᠤᠨ᠂ ᠬᠠᠮᠳ᠋ᠤᠪᠠᠷ ᠲᠣᠬᠢᠷᠠᠭᠤᠯᠵᠤ᠂ ᠬᠠᠮᠲᠤᠪᠠᠷ ᠨᠠᠢ᠌ᠳ᠋ᠠᠪᠤᠷᠢ᠍ᠵᠢ᠍ᠭᠤᠯᠬᠤ ᠬᠡᠷᠡᠭ᠍ᠳ᠋ᠡᠢ᠃ ᠬᠤᠶᠠᠷ ᠲᠤ ᠤᠳ᠋ᠤᠷᠢ᠍ᠳᠬᠤ ᠪᠠᠭ᠎ᠠ ᠲᠤᠭᠤᠢ᠌ᠯᠠᠩ ᠤᠨ ᠠᠵᠢ᠍ᠯ ᠤᠨ ᠬᠤᠪᠢᠶᠠᠷᠢ᠍ᠯᠠᠯᠳ᠋ᠠ ᠶᠢ ᠦᠨᠳ᠋ᠦᠰᠦᠯᠡᠨ᠂ ᠮᠡᠳ᠋ᠡᠭᠡ ᠵᠠᠩᠬᠢ ᠶᠢᠨ ᠪᠤᠭᠤᠮᠳ᠋ᠡ ᠶᠢ ᠴᠢ᠍ᠩᠭ᠎ᠠ ᠬᠡᠷᠡᠭ᠍ᠵᠢ᠍ᠭᠦᠯᠵᠦ᠂ ᠦᠨᠡᠨ ᠪᠤᠳ᠋ᠠᠳ᠋ᠤ ᠴᠢ᠍ᠨᠠᠷ ᠢ ᠪᠠᠳ᠋ᠤᠯᠠᠨ᠂ ᠢᠯᠡᠴᠢ᠍ᠯᠡᠬᠦ ᠠᠯᠬᠤᠮ ᠶᠠᠪᠤᠴᠠ ᠶᠢᠨ ᠬᠤᠳ᠋ᠠᠯ ᠬᠠᠭᠤᠷᠮᠠᠭ ᠪᠠᠢ᠌ᠬᠤ ᠶᠢ ᠴᠢ᠍ᠩᠭ᠎ᠠ ᠬᠤᠷᠢ᠍ᠭᠯᠠᠬᠤ ᠬᠡᠷᠡᠭ᠍ᠲᠡᠢ᠃ ᠭᠤᠷᠪᠡ ᠳᠤ ᠤᠬᠠᠭᠤᠯᠭ᠎ᠠ ᠶᠢᠨ ᠬᠡᠯᠪᠡᠷᠢ ᠶᠢᠨ ᠰᠢ᠍ᠨ᠎ᠠ ᠶᠢ ᠡᠬᠦᠳ᠋ᠦᠨ᠂〈 ᠭᠤᠷᠪᠠᠨ ᠶᠠᠪᠤᠳ᠋ᠠᠯ ᠢ ᠢᠯᠡ ᠪᠤᠯᠭᠠᠬᠤ〉 ᠠᠵᠢ᠍ᠯ ᠤᠨ ᠢᠯᠡᠴᠢ᠍ᠯᠡᠬᠦ ᠠᠷᠭ᠎ᠠ ᠬᠡᠯᠪᠡᠷᠢ ᠶᠢ ᠴᠠᠭ ᠲᠤᠬᠠᠢ ᠳᠤ ᠨᠢ ᠤᠬᠠᠭᠤᠯᠵᠤ᠂ ᠤᠯᠠᠨ ᠲᠦ᠋ᠮᠡᠨ ᠦ ᠬᠢᠨᠠᠯᠳ᠋ᠡ ᠲᠠᠯᠪᠢᠬᠤ ᠵᠠᠮ ᠰᠤᠪᠠᠭ ᠢ ᠦᠷᠭᠡᠳᠭᠡᠨ᠂ ᠤᠯᠡᠨ ᠲᠦ᠋ᠮᠡᠨ ᠦ ᠪᠠᠢ᠌ᠳ᠋ᠠᠯ ᠢ ᠮᠡᠳ᠋ᠡᠬᠦ ᠡᠷᠬᠡ ᠶᠢ ᠬᠦᠢ᠍ᠴᠡᠳ ᠪᠠᠲᠤᠯᠠᠬᠤ ᠬᠡᠷᠡᠭ᠍ᠳ᠋ᠡᠢ᠃ ᠳᠦ᠋ᠷᠪᠠ ᠳᠤ ᠬᠢᠨᠡᠯᠳ᠋ᠡ ᠲᠠᠯᠪᠢᠨ ᠵᠢᠭᠠᠨ ᠵᠢᠯᠤᠭᠤᠳᠬᠤ ᠪᠠᠨ ᠴᠢ᠍ᠩᠭ᠋ᠠᠳᠬᠠᠵᠤ᠂ ᠰᠠᠬᠢᠯᠭ᠎ᠠ ᠪᠠᠳ᠋ᠦ ᠶᠢᠨ ᠰᠠᠯᠠᠭ᠎ᠠ ᠮᠦ᠋ᠴᠢ᠍ᠷ ᠡᠷᠭᠡᠪᠰᠢ ᠬᠠᠮᠢ᠍ᠶ᠎ᠠ ᠪᠦᠬᠦᠢ ᠬᠦᠮᠦᠰ ᠢ ᠵᠤᠬᠢᠶᠠᠨ ᠪᠠᠢ᠌ᠭᠤᠯᠵᠤ ᠬᠢᠨᠠᠯᠳ᠋ᠡ ᠲᠠᠯᠪᠢᠨ ᠪᠠᠢ᠌ᠴᠠᠭᠠᠯᠳ᠋ᠠ ᠥᠷᠨᠢᠭᠦᠯᠦᠨ᠂〈 ᠭᠤᠷᠪᠠᠨ ᠶᠠᠪᠤᠳ᠋ᠠᠯ ᠢ ᠢᠯᠡ ᠪᠤᠯᠭᠠᠬᠤ〉 ᠠᠵᠢ᠍ᠯ ᠳᠤ ᠪᠠᠢ᠌ᠴᠠᠭᠠᠯᠳ᠋ᠠ᠂ ᠵᠢᠭᠠᠨ ᠵᠢᠯᠤᠭᠤᠳ᠋ᠤᠯᠭ᠎ᠠ ᠬᠢᠵᠤ᠂ ᠲᠤᠳ᠋ᠠᠭᠳ᠋ᠠᠯ ᠢ ᠨᠢ ᠢᠯᠡᠷᠡᠬᠦᠯᠵᠤ ᠨᠦ᠋ᠬᠦᠪᠦᠷᠢ᠍ᠯᠡᠬᠦ ᠬᠡᠷᠡᠭ᠍ᠲᠡᠢ ᠭᠡᠵᠡᠢ᠃ 

       


        


        

ᠡᠮᠦᠨᠡᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠳᠦ᠋ᠷᠪᠡᠨ ᠱᠠᠳ᠋ᠤᠨ ᠤ ᠠᠷᠠᠳ ᠤᠨ ᠲᠦ᠋ᠯᠦᠭᠡᠯᠡᠭ᠍ᠴᠢ᠍ᠳ ᠢ ᠵᠤᠬᠢᠶᠠᠨ ᠪᠠᠢ᠌ᠭᠤᠯᠵᠤ ᠮᠠᠨ ᠤ ᠬᠤᠰᠢ᠍ᠭᠤᠨ ᠤ ᠭᠤᠤᠯᠳ᠋ᠠᠯᠭ᠎ᠠ ᠲᠡᠶ ᠠᠵᠢ᠍ᠯ ᠲᠦ᠋ᠷᠦᠯ ᠢ ᠲᠤᠭᠤᠷᠢᠨ ᠪᠠᠢ᠌ᠴᠠᠭᠠᠭᠰᠠᠨ
ᠳᠠᠷᠠᠭᠠᠬᠢ᠄ ᠬᠤᠰᠢᠭᠤᠨ ᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠠᠷᠪᠠᠳᠤᠭᠠᠷ ᠤᠳᠠᠭᠠᠨ ᠤ ᠬᠤᠷᠠᠯᠳᠤᠭᠠᠨ ᠬᠤᠷᠠᠯᠳᠤᠪᠠ