ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ《 ᠦᠨᠳ᠋ᠦᠰᠦᠨ ᠱᠠᠳ᠋ᠤᠨ ᠤ ᠨᠠᠮ ᠤᠨ ᠵᠤᠬᠢᠶᠠᠨ ᠪᠠᠢ᠌ᠭᠤᠯᠤᠯᠳ᠋ᠠ ᠶᠢᠨ ᠠᠮᠢ᠍ᠳ᠋ᠦᠷᠠᠯ ᠶᠢᠨ ᠬᠤᠷᠠᠯ ᠪᠠ ᠨᠠᠮ ᠤᠨ ᠬᠡᠰᠢ᠍ᠬᠦᠨ ᠳᠤ ᠠᠷᠠᠳᠴᠢ᠍ᠯᠠᠯ ᠶᠢᠡᠷ ᠦᠨᠡᠯᠡᠯᠳ᠋ᠡ ᠬᠢᠬᠦ ᠬᠢᠴᠢ᠍ᠶᠠᠯᠭᠡ》᠋ ᠶᠢ ᠦᠵᠡᠵᠦ ᠰᠤᠷᠤᠯᠴᠠᠭᠰᠠᠨ

ᠨᠠᠮ ᠤᠨ ᠵᠤᠬᠢᠶᠠᠨ ᠪᠠᠢ᠌ᠭᠤᠯᠤᠯᠳ᠋ᠠ ᠶᠢᠨ ᠠᠮᠢ᠍ᠳ᠋ᠦᠷᠠᠯ ᠢ ᠤᠯᠠᠮ ᠨᠢ᠍ᠭᠡ ᠠᠯᠬᠤᠮ ᠳᠦ᠋ᠷᠢ᠍ᠮᠵᠢ᠍ᠬᠦᠯᠬᠦ ᠶᠢᠨ ᠲᠦ᠋ᠯᠦᠭᠡ᠂ 2 ᠰᠠᠷ᠎ᠠ ᠶᠢᠨ11᠋ ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠡᠭᠦᠷ ᠪᠦᠬᠦ ᠨᠠᠮ ᠤᠨ ᠬᠡᠰᠢ᠍ᠭᠦᠳ ᠶᠢᠠᠨ ᠵᠤᠬᠢᠶᠠᠨ ᠪᠠᠢ᠌ᠭᠤᠯᠵᠤ《 ᠦᠨᠳ᠋ᠦᠰᠦᠨ ᠱᠠᠳ᠋ᠤᠨ ᠤ ᠨᠠᠮ ᠤᠨ ᠵᠤᠬᠢᠶᠠᠨ ᠪᠠᠢ᠌ᠭᠤᠯᠤᠯᠳ᠋ᠠ ᠶᠢᠨ ᠠᠮᠢ᠍ᠳ᠋ᠦᠷᠠᠯ ᠤᠨ ᠬᠤᠷᠠᠯ ᠪᠠ ᠨᠠᠮ ᠤᠨ ᠬᠡᠰᠢ᠍ᠬᠦᠨ ᠳᠤ ᠠᠷᠠᠳᠴᠢ᠍ᠯᠠᠯ ᠶᠢᠡᠷ ᠦᠨᠡᠯᠡᠯᠳ᠋ᠡ ᠬᠢᠬᠦ ᠬᠢᠴᠢ᠍ᠶᠠᠯᠭᠡ》᠋ ᠶᠢ ᠦᠵᠡᠵᠦ ᠰᠤᠷᠤᠯᠴᠠᠪᠠ᠃
ᠪᠦᠬᠦᠢ᠌ᠯᠡ ᠬᠢᠴᠢ᠍ᠶᠡᠯᠭᠡ ᠨᠢ ᠦᠨᠳ᠋ᠦᠰᠦᠨ ᠱᠠᠳ᠋ᠤᠨ ᠤ ᠨᠠᠮ ᠤᠨ ᠵᠤᠬᠢᠶᠠᠨ ᠪᠠᠢ᠌ᠭᠤᠯᠤᠯᠳ᠋ᠠ ᠶᠢᠨ ᠠᠮᠢ᠍ᠳ᠋ᠦᠷᠠᠯ ᠤᠨ ᠬᠤᠷᠠᠯ ᠬᠤᠷᠠᠯᠳ᠋ᠤᠭᠤᠯᠬᠤ ᠪᠠ ᠨᠠᠮ ᠤᠨ ᠬᠡᠰᠢ᠍ᠬᠦᠨ ᠳᠤ ᠠᠷᠠᠳᠴᠢ᠍ᠯᠠᠯ ᠶᠢᠡᠷ ᠦᠨᠡᠯᠡᠯᠳ᠋ᠡ ᠬᠢᠬᠦ ᠶᠢᠨ ᠳᠡᠰ ᠳᠠᠷᠠᠭᠠᠯᠠᠯ ᠪᠤᠯᠤᠨ ᠠᠯᠬᠤᠮ ᠶᠠᠪᠤᠴᠠ ᠶᠢ ᠨᠠᠷᠢ᠍ᠯᠢ᠍ᠭ ᠲᠠᠢ᠌ᠯᠪᠦᠷᠢ᠍ᠯᠠᠵᠤ᠂ ᠨᠠᠮ ᠤᠨ ᠡᠭᠦᠷ ᠡᠴᠡ ᠠᠷᠠᠳᠴᠢ᠍ᠯᠠᠯᠳ᠋ᠤ ᠠᠮᠢ᠍ᠳ᠋ᠤᠷᠠᠯ ᠤᠨ ᠬᠤᠷᠠᠯ ᠬᠤᠷᠠᠯᠳ᠋ᠤᠭᠤᠯᠬᠤ ᠪᠠ ᠨᠠᠮ ᠤᠨ ᠬᠡᠰᠢ᠍ᠬᠦᠨ ᠳᠤ ᠠᠷᠠᠳᠴᠢ᠍ᠯᠡᠯ ᠶᠢᠡᠷ ᠦᠨᠡᠯᠡᠯᠳ᠋ᠡ ᠬᠢᠬᠦ ᠳᠤ ᠰᠠᠭᠤᠷᠢ ᠲᠠᠯᠪᠢᠵᠤ ᠦᠭ᠍ᠬᠦᠭ᠍ᠰᠡᠨ ᠪᠠᠢ᠌ᠨ᠎ᠠ᠃

ᠬᠤᠷᠠᠯ ᠳᠡᠭᠡᠷ᠎ᠠ᠂ ᠯᠢ ᠴᠸᠩ ᠭᠦᠸᠸ ᠨᠦ᠋ᠭᠦᠷ ᠡᠴᠡ《ᠵᠠᠷᠤᠳ ᠬᠤᠰᠢ᠍ᠭᠤᠨ ᠤ 2018 ᠤᠨ ᠤ ᠦᠨᠳ᠋ᠦᠰᠦᠨ ᠱᠠᠳ᠋ᠤᠨ ᠤ ᠨᠠᠮ ᠤᠨ ᠵᠤᠬᠢᠶᠠᠨ ᠪᠠᠢ᠌ᠭᠤᠯᠤᠯᠳ᠋ᠠ ᠶᠢᠨ ᠠᠮᠢ᠍ᠳ᠋ᠤᠷᠠᠯ ᠤᠨ ᠬᠤᠷᠠᠯ ᠪᠠ ᠨᠠᠮ ᠤᠨ ᠬᠡᠰᠢ᠍ᠬᠦᠨ ᠤ ᠠᠷᠠᠳᠴᠢ᠍ᠯᠠᠯᠳ᠋ᠤ ᠦᠨᠡᠯᠡᠯᠳ᠋ᠡ ᠶᠢᠨ ᠠᠵᠢ᠍ᠯ ᠦᠷᠨᠢᠭᠦᠯᠬᠦ ᠲᠦ᠋ᠰᠦᠯ》᠋᠋ ᠢ ᠤᠯᠠᠮᠵᠢ᠍ᠯᠠᠨ ᠰᠤᠷᠤᠯᠴᠠᠭᠤᠯᠪᠠ᠃
ᠰᠤᠷᠤᠯᠴᠠᠬᠤ ᠪᠡᠷ ᠳᠠᠮᠵᠢ᠍ᠨ᠂ ᠪᠦᠬᠦ ᠨᠠᠮ ᠤᠨ ᠬᠡᠰᠢ᠍ᠬᠦᠨ ᠡᠴᠡ ᠵᠤᠬᠢᠶᠠᠨ ᠪᠠᠢ᠌ᠭᠤᠯᠤᠯᠳ᠋ᠠ ᠶᠢᠨ ᠠᠮᠢ᠍ᠳ᠋ᠤᠷᠠᠯ ᠤᠨ ᠡᠯ᠎ᠠ ᠭᠤᠤᠯᠳ᠋ᠠᠯᠭ᠎ᠠ ᠲᠡᠶ ᠭᠤᠭᠴᠤᠭ᠎ᠠ ᠶᠢ ᠤᠯᠠᠮ ᠨᠢ᠍ᠭᠡ ᠠᠯᠬᠤᠮ ᠰᠤᠷᠤᠯᠴᠠᠨ ᠤᠢ᠌ᠯᠠᠭᠠᠵᠤ᠂ ᠪᠤᠳ᠋ᠠᠳ᠋ᠠᠢ ᠱᠠᠭᠠᠷᠳ᠋ᠠᠯᠭ᠎ᠠ ᠶᠢ ᠲᠤᠳ᠋ᠤᠷᠬᠠᠢ ᠲᠠᠨᠢ᠍ᠵᠤ᠂ ᠦᠵᠡᠯ ᠰᠠᠨᠠᠭ᠎ᠠ ᠪᠠᠨ ᠨᠢ᠍ᠭᠡᠳᠭᠡᠨ᠂ ᠡᠭᠦᠷᠭᠡ ᠬᠠᠷᠠᠯᠳ᠋ᠡ ᠪᠠᠨ ᠤᠯᠠᠮ ᠨᠢ᠍ᠭᠡ ᠠᠯᠬᠤᠮ ᠲᠤᠳ᠋ᠤᠳᠬᠠᠭᠰᠠᠨ ᠪᠠᠢ᠌ᠨ᠎ᠠ᠃