ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ᠁
ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠡᠭᠦᠷ 2018 ᠤᠨ ᠤ ᠵᠤᠬᠢᠶᠠᠨ ᠪᠠᠢ᠌ᠭᠤᠯᠤᠯᠳ᠋ᠡ ᠶᠢᠨ ᠠᠮᠢ᠍ᠳ᠋ᠤᠷᠠᠯ ᠤᠨ ᠬᠤᠷᠠᠯ ᠵᠢᠴᠢ ᠨᠠᠮ ᠤᠨ ᠭᠡᠰᠢ᠍ᠬᠦᠨ ᠢ ᠠᠷᠠᠳᠴᠢ᠍ᠯᠡᠯ ᠶᠢᠡᠷ ᠦᠨᠡᠯᠡᠬᠦ ᠬᠤᠷᠠᠯ ᠬᠤᠷᠠᠯᠳ᠋ᠤᠭᠤᠯᠤᠭᠰᠠᠨ


3 ᠰᠠᠷ᠎ᠠ ᠶᠢᠨ 11᠋ ᠤ ᠡᠳ᠋ᠦᠷ᠂ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠡᠭᠦᠷ 2018 ᠤᠨ ᠤ ᠵᠤᠬᠢᠶᠠᠨ ᠪᠠᠢ᠌ᠭᠤᠯᠤᠯᠳ᠋ᠡ ᠶᠢᠨ ᠠᠮᠢ᠍ᠳ᠋ᠤᠷᠠᠯ ᠤᠨ ᠬᠤᠷᠠᠯ ᠵᠢᠴᠢ ᠨᠠᠮ ᠤᠨ ᠭᠡᠰᠢ᠍ᠬᠦᠨ ᠢ ᠠᠷᠠᠳᠴᠢ᠍ᠯᠡᠯ ᠶᠢᠡᠷ ᠦᠨᠡᠯᠡᠬᠦ ᠬᠤᠷᠠᠯ ᠬᠤᠷᠠᠯᠳ᠋ᠤᠭᠤᠯᠪᠡ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠳᠡᠳ᠋ ᠡᠷᠬᠢᠯᠡᠭ᠍ᠴᠢ ᠡᠤ ᠰᠢ᠍ᠶᠤᠤ᠂ ᠦᠷᠡᠪᠠᠳ᠋ᠤ ᠡᠩ ᠦᠨ ᠨᠠᠮ ᠤᠨ ᠬᠡᠰᠢ᠍ᠬᠦᠨ ᠦ ᠬᠤᠪᠢ ᠪᠡᠷ ᠬᠤᠷᠠᠯ ᠳᠤ ᠤᠷᠤᠯᠴᠠᠵᠤ᠂ ᠲᠤᠯᠤᠭᠠᠢ᠌ᠯᠠᠨ ᠬᠠᠷᠭᠤᠭᠤᠯᠤᠭᠰᠠᠨ ᠪᠠᠢ᠌ᠴᠠᠭᠠᠯᠳ᠋ᠠ ᠬᠢᠵᠤ᠂ ᠪᠠᠢ᠌ᠭᠤᠯᠭ᠎ᠠ ᠳᠤ ᠲᠤᠮᠢ᠍ᠯᠠᠭᠳ᠋ᠠᠨ ᠰᠠᠭᠤᠭ᠎ᠠ ᠰᠠᠬᠢᠯᠭ᠎ᠠ ᠪᠠᠳ᠋ᠦ ᠪᠠᠢ᠌ᠴᠠᠭᠠᠬᠤ ᠲᠤᠭᠤᠢ᠌ᠯᠠᠩ ᠤᠨ ᠱᠦ᠋ᠵᠢ ᠠᠨ ᠵᠢᠨ ᠶᠢᠤ ᠬᠤᠷᠠᠯ ᠳᠤ ᠰᠤᠯᠨ ᠤᠷᠤᠯᠴᠠᠪᠠ᠃









ᠬᠤᠷᠠᠯ ᠡᠴᠡ ᠡᠮᠦᠨ᠎ᠠ᠂ ᠪᠠᠢ᠌ᠭᠤᠯᠭ᠎ᠠ ᠶᠢᠨ ᠨᠠᠮ ᠤᠨ ᠡᠭᠦᠷ ᠲᠦ᠋ᠪᠯᠡᠷᠡᠩᠬᠦᠢ ᠰᠤᠷᠤᠯᠴᠠᠯᠭ᠎ᠠ᠂ ᠲᠤᠰᠬᠠᠢ ᠶᠠᠷᠢ᠍ᠯᠴᠠᠭ᠎ᠠ ᠨᠠᠷᠢ᠍ᠨ ᠬᠢᠨᠠᠮᠠᠭᠠᠢ ᠦᠷᠨᠢᠭᠦᠯᠵᠤ᠂ ᠠᠰᠠᠭᠤᠳ᠋ᠠᠯ ᠶᠢᠡᠨ ᠭᠦᠨᠵᠡᠭᠡᠢ ᠡᠷᠢ᠍ᠯᠬᠢᠯᠡᠵᠤ᠂ ᠨᠠᠷᠢ᠍ᠯᠢ᠍ᠭ ᠳᠠᠩᠰᠠ ᠭᠠᠷᠭᠠᠨ᠂ ᠠᠵᠢ᠍ᠯ ᠤᠨ ᠲᠦ᠋ᠰᠦᠯ ᠲᠤᠭᠳ᠋ᠠᠭᠠᠵᠤ᠂ ᠵᠤᠬᠢᠶᠠᠨ ᠪᠠᠢ᠌ᠭᠤᠯᠤᠯᠳ᠋ᠡ ᠶᠢᠨ ᠠᠮᠢ᠍ᠳ᠋ᠤᠷᠠᠯ ᠤᠨ ᠬᠤᠷᠠᠯ ᠤᠨ ᠤᠷᠤᠭᠰᠢ᠍ᠲᠠᠢ ᠶᠠᠪᠤᠭᠳ᠋ᠠᠬᠤ ᠶᠢ ᠪᠠᠳ᠋ᠤᠯᠠᠭᠰᠠᠨ ᠪᠠᠢ᠌ᠨ᠎ᠠ᠃

ᠬᠤᠷᠠᠯ ᠳᠡᠭᠡᠷ᠎ᠠ᠂ ᠪᠠᠢ᠌ᠭᠤᠯᠭ᠎ᠠ ᠶᠢᠨ ᠨᠠᠮ ᠤᠨ ᠡᠭᠦᠷ ᠦᠨ ᠳᠡᠳ᠋ ᠱᠦ᠋ᠵᠢ ᠡᠴᠡ ᠨᠢ᠍ᠭᠡ ᠵᠢᠯ ᠦᠨ ᠠᠵᠢ᠍ᠯ ᠤᠨ ᠪᠠᠢ᠌ᠳ᠋ᠠᠯ᠂ ᠰᠠᠨᠠᠯ ᠬᠤᠷᠢ᠍ᠶᠠᠭᠰᠠᠨ ᠪᠠᠢ᠌ᠳ᠋ᠠᠯ ᠪᠤᠯᠤᠨ ᠡᠷᠢ᠍ᠨ ᠭᠠᠷᠭᠠᠭᠰᠠᠨ ᠠᠰᠠᠭᠤᠳ᠋ᠠᠯ ᠵᠡᠷᠭᠡ ᠲᠠᠯ᠎ᠠ ᠪᠡᠷ ᠳ᠋ᠦ᠋ᠩᠨᠡᠯᠳ᠋ᠡ ᠪᠠ ᠵᠠᠳ᠋ᠠᠯᠤᠯᠳ᠋ᠡ ᠬᠢᠵᠤ᠂ ᠳᠠᠷᠠᠭ᠎ᠠ ᠨᠢ ᠨᠠᠮ ᠤᠨ ᠡᠭᠦᠷ ᠦᠨ ᠤᠳ᠋ᠤᠷᠢ᠍ᠳᠬᠤ ᠪᠠᠭ ᠤᠨ ᠬᠡᠰᠢ᠍ᠭᠦᠳ ᠪᠤᠯᠤᠨ ᠨᠠᠮ ᠤᠨ ᠬᠡᠰᠢ᠍ᠭᠦᠳ ᠡᠴᠡ ᠵᠠᠯᠭᠠᠪᠠᠷ ᠶᠠᠷᠢ᠍ᠶ᠎ᠠ ᠬᠢᠵᠤ᠂ ᠵᠤᠬᠢᠶᠠᠨ ᠪᠠᠢ᠌ᠭᠤᠯᠤᠯᠳ᠋ᠡ ᠶᠢᠨ ᠠᠮᠢ᠍ᠳ᠋ᠤᠷᠠᠯ ᠤᠨ ᠬᠤᠷᠠᠯ ᠤᠨ ᠲᠠᠪᠤᠨ ᠲᠠᠯ᠎ᠠ ᠶᠢᠨ ᠲᠤᠭᠤᠷᠢ᠍ᠨ ᠳᠤ ᠰᠢ᠍ᠭᠦᠮᠵᠢ᠍ᠯᠡᠯ ᠪᠠ ᠦᠪᠡᠷ ᠦᠨ ᠰᠢ᠍ᠬᠦᠮᠵᠢ᠍ᠯᠠᠯ ᠬᠢᠪᠡ᠃

ᠵᠤᠬᠢᠶᠠᠨ ᠪᠠᠢ᠌ᠭᠤᠯᠤᠯᠳ᠋ᠡ ᠶᠢᠨ ᠠᠮᠢ᠍ᠳ᠋ᠤᠷᠠᠯ ᠤᠨ ᠬᠤᠷᠠᠯ ᠳᠠᠭᠤᠰᠤᠭᠰᠠᠨ ᠤ ᠳᠠᠷᠠᠭ᠎ᠠ᠂ ᠪᠦᠬᠦ ᠨᠠᠮ ᠤᠨ ᠬᠡᠰᠢ᠍ᠭᠦᠳ ᠦᠨᠡᠨ ᠪᠤᠳ᠋ᠠᠳ᠋ᠠᠢ ᠵᠠᠷᠴᠢ᠍ᠮ ᠢ ᠪᠠᠷᠢ᠍ᠮᠳ᠋ᠠᠯᠠᠨ᠂ ᠠᠷᠠᠳᠴᠢ᠍ᠯᠠᠯᠳ᠋ᠤ ᠦᠨᠡᠯᠡᠯᠳ᠋ᠡ ᠶᠠᠪᠤᠭᠳ᠋ᠠᠭᠤᠯᠪᠠ᠃

ᠡᠮᠦᠨᠡᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ ᠶᠢᠨ ᠨᠠᠮ ᠤᠨ ᠡᠬᠦᠷ《ᠲᠠᠷᠢᠬᠦᠨ ᠤ ᠨᠡᠢᠳᠡᠯᠢᠭ᠌ ᠵᠢᠱᠢᠶᠡᠴᠢ ᠡᠴᠨ ᠰᠤᠷᠤᠯᠴᠠᠨ ᠬᠤᠰᠢᠭᠤᠴᠢ ᠨᠠᠮ ᠤᠨ ᠭᠡᠰᠢᠬᠦᠨ ᠪᠤᠯᠬᠤ》 ᠭᠤᠤᠯ ᠰᠡᠳᠤᠪᠳᠤ ᠨᠠᠮ ᠤᠨ ᠡᠳᠤᠷ ᠤᠨ ᠬᠦᠳᠡᠯᠭᠡᠭᠡᠨ ᠦᠷᠨᠢᠬᠦᠯᠦᠭᠰᠡᠨ
ᠳᠠᠷᠠᠭᠠᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠯᠦ᠋ᠪᠸᠢ ᠵᠡᠭᠡᠯᠢ ᠭᠤᠳ᠋ᠤᠮᠵᠢ ᠶᠢᠨ ᠰᠢ᠍ᠩᠬᠤᠸᠨ ᠨᠡᠢ᠌ᠭᠡᠮ ᠲᠤᠭᠤᠷᠢ᠍ᠭ ᠲᠡᠶ ᠬᠠᠷᠢ᠍ᠯᠴᠠᠨ ᠬᠠᠮᠵᠢ᠍ᠯᠴᠠᠨ ᠬᠠᠮᠳ᠋ᠤᠪᠠᠷ ᠴᠤᠭᠴᠠᠯᠠᠬᠤ ᠵᠦ᠋ᠪᠯᠡᠯᠴᠡᠭᠡᠷ ᠲᠤᠭᠲᠠᠪᠠ