ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠠᠷᠪᠠᠨ ᠨᠢ᠍ᠭᠡᠳ᠋ᠤᠭᠡᠷ ᠤᠳ᠋ᠠᠭᠠᠨ ᠤ ᠬᠤᠷᠠᠯ ᠬᠤᠷᠠᠯᠳ᠋ᠤᠭᠰᠨᠨ ᠨᠢ
3 ᠰᠠᠷ᠎ᠠ ᠶᠢᠨ18᠋ ᠤ ᠡᠳ᠋ᠤᠷ᠂ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠠᠷᠪᠠᠨ ᠨᠢ᠍ᠭᠡᠳ᠋ᠤᠭᠡᠷ ᠤᠳ᠋ᠠᠭᠠᠨ ᠤ ᠬᠤᠷᠠᠯ ᠬᠤᠷᠠᠯᠳ᠋ᠤᠪᠠ᠃ ᠬᠤᠰᠢ᠍ᠭᠤᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠡᠷᠬᠢᠯᠡᠭ᠍ᠴᠢ ᠪᠠᠶᠠᠨᠰᠠᠩ᠂ ᠲᠠᠳ᠋ ᠡᠷᠬᠢᠯᠡᠭ᠍ᠴᠢ ᠡᠤ ᠰᠢ᠍ᠶᠤᠤ᠂ᠪᠦ᠋ ᠮᠤᠤ ᠰᠢ᠍ᠶᠠᠩ᠂ ᠦᠷᠡᠪᠠᠳ᠋ᠤ᠂ ᠰᠦ᠋ᠩ ᠯᠢ᠍ᠶᠠᠨ ᠡᠾᠦ᠋ᠢ ᠵᠢᠴᠢ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠭᠡᠰᠢ᠍ᠬᠦᠤᠨ ᠬᠤᠷᠠᠯ ᠳ᠋ᠥ ᠤᠷᠤᠯᠴᠠᠪᠠ᠃ ᠲᠠᠳ᠋ ᠬᠤᠰᠢ᠍ᠭᠤᠨ ᠲᠠᠷᠤᠭ᠎ᠠ ᠸᠠᠩ ᠶᠠᠨ ᠵᠢᠶᠦᠢ᠍ᠨ᠂ ᠨᠢ᠍ᠭᠡ ᠵᠦ᠋ᠪᠯᠡᠯ᠂ ᠬᠤᠶᠠᠷ ᠬᠤᠷᠢ᠍ᠶ᠎ᠠ〉᠋᠋ ᠶᠢᠨ ᠭᠤᠤᠯ ᠤᠳ᠋ᠤᠷᠢ᠍ᠳ᠋ᠤᠯᠭ᠎ᠠ᠂ ᠬᠤᠰᠢ᠍ᠭᠤᠨ ᠤ ᠵᠠᠰᠠᠭ ᠤᠨ ᠤᠷᠳ᠋ᠤᠨ ᠤ ᠠᠯᠪᠠᠨ ᠭᠡᠷ᠂ ᠬᠤᠰᠢ᠍ᠭᠤᠨ ᠤ ᠡᠳ᠋ ᠤᠨ ᠵᠠᠰᠠᠭ ᠤᠨ ᠲᠤᠪᠴᠢ᠍ᠶ᠎ᠠ᠂ ᠬᠦᠭ᠍ᠵᠢ᠍ᠬᠦᠯᠤᠯᠳ᠋ᠠ ᠦᠭᠡᠷᠡᠴᠢ᠍ᠯᠡᠯᠳ᠋ᠠ ᠶᠢᠨ ᠲᠤᠪᠴᠢ᠍ᠶ᠎ᠠ ᠵᠡᠷᠭᠡ ᠰᠠᠯᠠᠭ᠎ᠠ ᠮᠦ᠋ᠴᠢ᠍ᠷ ᠤᠨ ᠭᠤᠤᠯ ᠬᠠᠷᠢ᠍ᠭᠤᠴᠠᠯᠭᠠᠳ᠋ᠠᠨ ᠵᠢᠴᠢ ᠭᠡᠰᠡᠭ᠌ ᠠᠷᠠᠳ ᠤᠨ ᠲᠦ᠋ᠯᠤᠭᠡᠯᠡᠭ᠍ᠴᠢ᠍ᠳ ᠬᠤᠷᠠᠯ ᠳ᠋ᠥ ᠰᠤᠯᠨ ᠤᠷᠤᠯᠴᠠᠵᠤ᠂ ᠪᠠᠶᠠᠨᠰᠠᠩ ᠬᠤᠷᠠᠯ ᠡᠷᠬᠢᠯᠡᠪᠡ᠃




ᠬᠤᠷᠠᠯ ᠲᠠᠭᠡᠷ᠎ᠠ᠂ ᠸᠠᠩ ᠶᠠᠨ ᠵᠢᠶᠦᠢ᠍ᠨ ᠠᠵᠢ᠍ᠯᠳ᠋ᠠᠨ ᠢ ᠲᠤᠮᠢ᠍ᠯᠠᠵᠤ ᠪᠠᠭᠤᠯᠭᠠᠬᠤ ᠶᠢ ᠲᠤᠷᠠᠳ᠋ᠤᠨ ᠲᠠᠪᠰᠢ᠍ᠬᠦᠯᠬᠦ ᠲᠤᠬᠠᠢ ᠰᠢ᠌ᠳᠪᠤᠷᠢ ᠶᠢ ᠤᠩᠰᠢ᠍ᠨ ᠨᠡᠪᠳ᠋ᠡᠷᠭᠡᠵᠤ᠂ ᠪᠠᠢ᠌ᠩᠭ᠋ᠤ ᠶᠢᠨ ᠬᠤᠷᠢ᠍ᠶ᠎ᠠ ᠡᠴᠨ ᠠᠵᠢ᠍ᠯᠳ᠋ᠠᠨ ᠢ ᠲᠤᠮᠢ᠍ᠯᠠᠵᠤ ᠪᠠᠭᠤᠯᠭᠠᠬᠤ ᠶᠠᠪᠤᠳ᠋ᠠᠯ ᠢ ᠶᠠᠷᠢ᠍ᠯᠴᠠᠨ ᠰᠢ᠌ᠳᠪᠤᠷᠢ ᠭᠠᠷᠭᠠᠪᠠ᠃ ᠡᠤ ᠶᠦ᠋ᠨ ᠪᠦᠸᠸ ᠡᠴᠨ ᠰᠢ ᠵᠢᠨ ᠫᠢᠩ ᠶᠡᠷᠤᠩᠭᠡᠢ ᠱᠦ᠋ᠵᠢ ᠶᠢᠨ ᠠᠷᠪᠠᠨ ᠭᠤᠷᠪᠠᠳ᠋ᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠬᠤᠶᠠᠳ᠋ᠤᠭᠠᠷ ᠬᠤᠷᠠᠯᠳ᠋ᠤᠭᠠᠨ ᠲᠠᠭᠡᠷ᠎ᠠ ᠦᠪᠤᠷ ᠮᠤᠩᠭ᠋ᠤᠯ ᠤᠨ ᠲᠦ᠋ᠯᠤᠭᠡᠯᠡᠭ᠍ᠴᠢ᠍ᠳ ᠤᠨ ᠪᠦᠯᠬᠦᠮ ᠳ᠋ᠥ ᠤᠷᠤᠯᠴᠠᠨ ᠬᠢᠨᠠᠨ ᠵᠦ᠋ᠪᠯᠡᠬᠦ ᠦᠶ᠎ᠠ ᠶᠢᠨ ᠴᠢ᠍ᠬᠤᠯᠨ ᠶᠠᠷᠢ᠍ᠶ᠎ᠠ ᠶᠢᠨ ᠵᠤᠷᠢ᠍ᠭ ᠰᠠᠨᠠᠭ᠎ᠠ ᠶᠢ ᠤᠯᠠᠮᠵᠢ᠍ᠯᠠᠨ ᠰᠤᠷᠤᠯᠴᠠᠭᠤᠯᠪᠠ᠃
ᠪᠠᠶᠠᠨᠰᠠᠩ ᠬᠤᠷᠠᠯ ᠲᠠᠭᠡᠷ᠎ᠠ ᠱᠠᠭᠠᠷᠳ᠋ᠠᠭᠰᠨᠨ ᠨᠢ᠂ 2019 ᠤᠨ ᠪᠤᠯ ᠰᠢ᠍ᠨ᠎ᠠ ᠲᠤᠮᠳ᠋ᠠᠳ᠋ᠤ ᠤᠯᠤᠰ ᠪᠠᠢ᠌ᠭᠤᠯᠤᠭᠳ᠋ᠠᠭᠰᠨᠨ 70 ᠵᠢᠯ ᠤᠨ ᠤᠢ᠂ ᠪᠦᠬᠦ ᠤᠯᠤᠰ ᠤᠨ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠪᠠᠢ᠌ᠭᠤᠯᠤᠭᠳ᠋ᠠᠭᠰᠨᠨ 65 ᠵᠢᠯ ᠤᠨ ᠤᠢ᠂ ᠤᠷᠤᠨ ᠨᠤᠳ᠋ᠤᠭ ᠤᠨ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠪᠠᠢ᠌ᠭᠤᠯᠤᠭᠳ᠋ᠠᠭᠰᠨᠨ 40 ᠵᠢᠯ ᠤᠨ ᠤᠢ ᠪᠤᠯᠤᠨ᠎ᠠ᠂ ᠮᠦ᠋ᠨᠴᠤ ᠮᠠᠨ ᠤ ᠬᠤᠰᠢ᠍ᠭᠤᠨ ᠤ ᠦᠭᠡᠷᠡᠴᠢ᠍ᠯᠡᠯᠳ᠋ᠠ ᠶᠢᠨ ᠬᠦᠨᠵᠡᠭᠡᠢ᠌ᠷᠡᠯᠳ᠋ᠠ᠂ ᠶᠠᠳ᠋ᠠᠭᠤ ᠡᠴᠨ ᠠᠩᠬᠢᠵᠢ᠍ᠷᠠᠭᠤᠯᠬᠤ ᠪᠠᠬᠢᠯᠡᠯᠳ᠋ᠠ ᠰᠢ᠍ᠪᠳ᠋ᠤᠯᠬᠤ ᠠᠯᠬᠤᠴᠨ ᠪᠤᠯᠤᠨ ᠬᠦᠳ᠋ᠡᠭᠡ ᠲᠤᠰᠬᠤᠨ ᠢ ᠬᠦᠭ᠍ᠵᠢ᠍ᠬᠦᠯᠬᠦ ᠪᠠᠢ᠌ᠯᠳ᠋ᠤᠬᠤ ᠪᠤᠳ᠋ᠤᠯᠭ᠎ᠠ ᠶᠢ ᠦᠷᠬᠦᠯᠵᠢ᠍ᠯᠡᠨ ᠲᠦ᠋ᠯᠬᠢᠨ ᠠᠬᠢᠭᠤᠯᠬᠤ ᠵᠠᠩᠬᠢᠯᠠᠭ᠎ᠠ ᠶᠢᠨ ᠵᠢᠯ ᠪᠤᠯᠤᠨ᠎ᠠ᠃ ᠪᠦᠬᠦ ᠤᠯᠤᠰ ᠤᠨ ᠬᠤᠶᠠᠷ ᠬᠤᠷᠠᠯ ᠤᠨ ᠵᠤᠷᠢ᠍ᠭ ᠰᠠᠨᠠᠭ᠎ᠠ ᠶᠢ ᠰᠤᠷᠤᠯᠴᠠᠨ ᠲᠤᠭᠤᠰᠢ᠍ᠯᠠᠭᠤᠯᠬᠤ ᠪᠤᠯ ᠮᠠᠨ ᠤ ᠤᠳ᠋ᠤᠬᠢ ᠨᠢ᠍ᠭᠡ ᠵᠤᠢ᠌ᠯ ᠤᠨ ᠤᠯᠤᠰ ᠲᠦ᠋ᠷᠤ ᠶᠢᠨ ᠡᠬᠦᠷᠭᠡ ᠪᠠᠢ᠌ᠵᠤ᠂ ᠪᠠᠢ᠌ᠩᠭ᠋ᠤ ᠶᠢᠨ ᠬᠤᠷᠢ᠍ᠶ᠎ᠠ ᠶᠢᠨ ᠪᠦᠷᠢ᠍ᠯᠳ᠋ᠤᠬᠦᠨ ᠭᠡᠰᠢ᠍ᠬᠦᠤᠨ ᠲᠠᠭᠠᠭᠤᠯᠤᠨ ᠰᠠᠢ᠌ᠳ᠋ᠤᠷ ᠰᠤᠷᠤᠯᠴᠠᠨ ᠤᠬᠠᠭᠤᠯᠵᠤ᠂ ᠬᠤᠶᠠᠷ ᠬᠤᠷᠠᠯ ᠤᠨ ᠵᠤᠷᠢ᠍ᠭ ᠰᠠᠨᠠᠭ᠎ᠠ ᠶᠢ ᠰᠠᠢ᠌ᠳ᠋ᠤᠷ ᠲᠤᠭᠤᠰᠢ᠍ᠯᠠᠭᠤᠯᠤᠨ᠂ ᠤᠨᠴᠠᠭᠠᠢ᠌ᠯᠠᠨ ᠰᠢ ᠵᠢᠨ ᠫᠢᠩ ᠶᠡᠷᠤᠩᠭᠡᠢ ᠱᠦ᠋ᠵᠢ ᠶᠢᠨ ᠦᠪᠤᠷ ᠮᠤᠩᠭ᠋ᠤᠯ ᠤᠨ ᠲᠦ᠋ᠯᠤᠭᠡᠯᠡᠭ᠍ᠴᠢ᠍ᠳ ᠤᠨ ᠪᠦᠯᠬᠦᠮ ᠳ᠋ᠥ ᠤᠷᠤᠯᠴᠠᠨ ᠬᠢᠨᠠᠨ ᠵᠦ᠋ᠪᠯᠡᠬᠦ ᠦᠶ᠎ᠠ ᠶᠢᠨ ᠴᠢ᠍ᠬᠤᠯᠨ ᠶᠠᠷᠢ᠍ᠶᠠᠨ ᠤ ᠵᠤᠷᠢ᠍ᠭ ᠰᠠᠨᠠᠭ᠎ᠠ ᠶᠢ〈 ᠪᠦᠬᠦ ᠤᠯᠤᠰ ᠤᠨ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠠᠵᠢ᠍ᠯ ᠤᠨ ᠮᠡᠳ᠋ᠡᠬᠦᠯᠤᠯᠳ᠋ᠠ〉ᠲᠠᠢ ᠬᠠᠷᠭᠤᠭᠤᠯᠵᠤ᠂ ᠬᠤᠪᠢ ᠬᠦᠮᠤᠨ ᠤ ᠠᠵᠢ᠍ᠯ ᠤᠨ ᠪᠤᠳ᠋ᠠᠳ᠋ᠠᠢ ᠲᠡᠶ ᠪᠠᠨ ᠤᠶᠠᠯᠳ᠋ᠤᠭᠤᠯᠤᠨ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠬᠤ ᠶᠢ ᠰᠠᠢ᠌ᠳ᠋ᠤᠷ ᠠᠳᠬᠤᠬᠤ ᠭᠡᠷᠡᠭ᠍ᠳ᠋ᠡᠢ ᠭᠡᠵᠡᠢ᠃
ᠬᠤᠷᠠᠯ ᠲᠠᠭᠡᠷ᠎ᠠ᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠵᠦ᠋ᠪᠯᠡᠬᠦ ᠵᠤᠢ᠌ᠯ (ᠲᠦ᠋ᠰᠤᠯ)᠋ ᠢ ᠰᠤᠨᠤᠰᠤᠨ ᠬᠢᠨᠠᠨ ᠵᠦ᠋ᠪᠯᠡᠵᠤ᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠲᠠᠷᠢ᠍ᠬᠦᠯᠡᠭ᠍ᠴᠢ᠍ᠳ ᠤᠨ ᠪᠦᠯᠬᠦᠮ ᠪᠤᠯᠤᠨ ᠨᠠᠷᠢ᠍ᠨ ᠪᠢᠴᠢ᠍ᠭ᠌ ᠤᠨ ᠲᠠᠷᠤᠭ᠎ᠠ ᠶᠢᠨ ᠨᠡᠷᠡᠰ (ᠲᠦ᠋ᠰᠤᠯ)᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠰᠠᠨᠠᠯ ᠵᠦ᠋ᠪᠯᠡᠯᠭᠡ ᠶᠢᠨ ᠬᠢᠨᠠᠨ ᠪᠠᠢ᠌ᠴᠠᠭᠠᠬᠤ ᠵᠦ᠋ᠪᠯᠡᠯ ᠤᠨ ᠪᠦᠷᠢ᠍ᠯᠳ᠋ᠤᠬᠦᠨ ᠭᠡᠰᠢ᠍ᠬᠦᠨ ᠤ ᠨᠡᠷᠡᠰ (ᠲᠦ᠋ᠰᠤᠯ)᠋ ᠢ ᠬᠢᠨᠠᠨ ᠵᠦ᠋ᠪᠯᠡᠪᠠ᠃ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠲᠠᠷᠢ᠍ᠬᠦᠯᠡᠭ᠍ᠴᠢ᠍ᠳ ᠤᠨ ᠪᠠᠢ᠌ᠩᠭ᠋ᠤ ᠶᠢᠨ ᠶᠠᠪᠤᠳ᠋ᠠᠯ ᠤᠨ ᠲᠠᠷᠢ᠍ᠬᠦᠯᠡᠭ᠍ᠴᠢ ᠶᠢᠨ ᠨᠡᠷᠡᠰ (ᠲᠦ᠋ᠰᠤᠯ)᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠲᠠᠳ᠋ ᠨᠠᠷᠢ᠍ᠨ ᠪᠢᠴᠢ᠍ᠭ᠌ ᠤᠨ ᠨᠡᠷᠡᠰ (ᠲᠦ᠋ᠰᠤᠯ)᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠶᠠᠪᠤᠴᠨ ᠵᠢᠴᠢ ᠬᠦᠢ᠍ᠴᠡᠳᠭᠡᠬᠦ ᠲᠠᠷᠢ᠍ᠬᠦᠯᠡᠭ᠍ᠴᠢ ᠶᠢᠨ ᠲᠤᠭᠤᠢ᠌ᠯᠠᠩ ᠬᠤᠪᠢᠶᠠᠭᠰᠨᠨ ᠨᠡᠷᠡᠰ (ᠲᠦ᠋ᠰᠤᠯ)᠋ ᠢ ᠬᠢᠨᠠᠨ ᠵᠦ᠋ᠪᠯᠡᠪᠡ᠃ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠲᠦ᠋ᠯᠤᠭᠡᠯᠡᠭ᠍ᠴᠢ ᠶᠢᠨ ᠬᠢᠷᠢ ᠭᠡᠮ ᠢ ᠬᠢᠨᠠᠨ ᠪᠠᠢ᠌ᠴᠠᠭᠠᠬᠤ ᠲᠤᠬᠠᠢ ᠵᠠᠷᠤᠤᠨ ᠬᠤᠰᠢ᠍ᠭᠤᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠲᠦ᠋ᠯᠤᠭᠡᠯᠡᠭ᠍ᠴᠢ ᠶᠢᠨ ᠬᠢᠷᠢ ᠭᠡᠮ ᠢ ᠬᠢᠨᠠᠨ ᠪᠠᠢ᠌ᠴᠠᠭᠠᠬᠤ ᠵᠦ᠋ᠪᠯᠡᠯ ᠤᠨ ᠮᠡᠳ᠋ᠡᠬᠦᠯᠤᠯᠳ᠋ᠠ᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠲᠦ᠋ᠯᠤᠭᠡᠯᠡᠭ᠍ᠴᠢ᠍ᠳ ᠤᠨ ᠪᠦᠯᠬᠦᠮ ᠤᠨ ᠲᠦ᠋ᠷᠤᠯ ᠬᠤᠪᠢᠶᠠᠭᠰᠨᠨ ᠪᠠᠢ᠌ᠳ᠋ᠠᠯ᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠳ᠋ᠥ ᠰᠤᠯᠨ ᠤᠷᠤᠯᠴᠠᠬᠤ ᠬᠦᠮᠤᠰ ᠢ ᠬᠢᠨᠠᠭᠰᠨᠨ ᠮᠡᠳ᠋ᠡᠬᠦᠯᠤᠯᠳ᠋ᠠ ᠶᠢ ᠬᠢᠨᠠᠨ ᠵᠦ᠋ᠪᠯᠡᠵᠤ᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠲᠤᠰᠬᠠᠢ ᠵᠦ᠋ᠪᠯᠡᠯ ᠢ ᠪᠠᠢ᠌ᠭᠤᠯᠬᠤ ᠲᠤᠬᠠᠢ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠰᠢ᠌ᠳᠪᠤᠷᠢ (ᠲᠦ᠋ᠰᠤᠯ)᠋ ᠢ ᠰᠤᠨᠤᠰᠤᠨ ᠬᠢᠨᠠᠵᠤ ᠵᠦ᠋ᠪᠯᠡᠨ᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠡᠳ᠋ ᠤᠨ ᠵᠠᠰᠠᠭ ᠠᠵᠤ ᠠᠬᠤᠢ ᠶᠢᠨ ᠵᠦ᠋ᠪᠯᠡᠯ ᠤᠨ ᠪᠦᠷᠢ᠍ᠯᠳ᠋ᠤᠬᠦᠨ ᠭᠡᠰᠢ᠍ᠬᠦᠨ ᠤ ᠵᠢᠱᠢ᠍ᠭ᠍ᠳ᠋ᠡᠭ᠍ᠴᠢ ᠶᠢ ᠪᠠᠳ᠋ᠤᠯᠠᠬᠤ ᠲᠤᠬᠠᠢ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠭᠤᠷᠪᠠᠳ᠋ᠤᠭᠠᠷ ᠬᠤᠷᠠᠯᠳ᠋ᠤᠭᠠᠨ ᠤ ᠠᠷᠭ᠎ᠠ (ᠲᠦ᠋ᠰᠤᠯ)᠋ ᠵᠢ ᠬᠢᠨᠠᠨ ᠵᠦ᠋ᠪᠯᠡᠵᠤ᠂ ᠵᠠᠷᠤᠤᠨ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠡᠳ᠋ ᠤᠨ ᠵᠠᠰᠠᠭ ᠠᠵᠤ ᠠᠬᠤᠢ ᠶᠢᠨ ᠵᠦ᠋ᠪᠯᠡᠯ ᠤᠨ ᠪᠦᠷᠢ᠍ᠯᠳ᠋ᠤᠬᠦᠨ ᠭᠡᠰᠢ᠍ᠬᠦᠨ ᠤ ᠨᠡᠷᠡᠰ (ᠲᠦ᠋ᠰᠤᠯ)᠋ ᠢ ᠬᠢᠨᠠᠨ ᠵᠦ᠋ᠪᠯᠡᠪᠡ᠃ ᠬᠤᠰᠢ᠍ᠭᠤᠨ ᠤ ᠠᠷᠠᠳ ᠤᠨ ᠵᠠᠰᠠᠭ ᠤᠨ ᠤᠷᠳ᠋ᠤᠨ ᠤ 2019 ᠤᠨ ᠤ ᠠᠷᠠᠳ ᠤᠨ ᠠᠮᠢ᠍ᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠵᠢᠱᠢ᠍ᠭ᠍ᠳ᠋ᠡᠭ᠍ᠰᠨᠨ ᠲᠦ᠋ᠷᠤᠯ ᠵᠦ᠋ᠢ᠍ᠯ ᠤᠨ ᠰᠠᠨᠠᠭᠤᠯᠭ᠎ᠠ ᠶᠢᠨ ᠲᠦ᠋ᠰᠤᠯ᠂ ᠵᠠᠷᠤᠤᠨ ᠬᠤᠰᠢ᠍ᠭᠤᠨ ᠤ 2019 ᠤᠨ ᠤ ᠠᠷᠠᠳ ᠤᠨ ᠠᠮᠢ᠍ᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠵᠢᠱᠢ᠍ᠭ᠍ᠳ᠋ᠡᠭ᠍ᠰᠨᠨ ᠲᠦ᠋ᠷᠤᠯ ᠵᠦ᠋ᠢ᠍ᠯ ᠢ ᠠᠷᠠᠳ ᠤᠨ ᠲᠦ᠋ᠯᠤᠭᠡᠯᠡᠭ᠍ᠴᠢ ᠪᠢᠯᠸᠲ ᠦᠭ᠍ᠴᠤ ᠪᠠᠳ᠋ᠤᠯᠠᠬᠤ ᠠᠷᠭ᠎ᠠ (ᠲᠦ᠋ᠰᠤᠯ)᠂ ᠵᠠᠷᠤᠤᠨ ᠬᠤᠰᠢ᠍ᠭᠤᠨ ᠤ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠠᠵᠢ᠍ᠯ ᠤᠨ ᠮᠡᠳ᠋ᠡᠬᠦᠯᠤᠯᠳ᠋ᠠ (ᠶᠠᠷᠢ᠍ᠯᠴᠠᠭᠠᠨ ᠤ ᠨᠤᠤᠷᠠᠭ)᠋ ᠶᠢ ᠬᠢᠨᠠᠨ ᠵᠦ᠋ᠪᠯᠡᠵᠤ ᠵᠦ᠋ᠪᠰᠢ᠍ᠶᠡᠷᠡᠪᠡ᠃
ᠬᠤᠷᠠᠯ ᠳ᠋ᠥ ᠤᠷᠤᠯᠴᠠᠭᠰᠠᠳ ᠡᠯ᠎ᠠ ᠲᠦ᠋ᠷᠤᠯ ᠤᠨ ᠮᠡᠳ᠋ᠡᠬᠦᠯᠤᠯᠳ᠋ᠠ ᠶᠢ ᠶᠠᠷᠢ᠍ᠯᠴᠠᠬᠤ ᠶᠢᠨ ᠬᠠᠮᠳ᠋ᠤ᠂ ᠰᠠᠨᠠᠯ ᠰᠠᠨᠠᠭᠤᠯᠭ᠎ᠠ ᠲᠤᠷᠠᠳ᠋ᠤᠪᠠ᠃