ᠤᠳᠤ ᠶᠢᠨ ᠪᠠᠢ᠌ᠷᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ → ᠵᠠᠷᠤᠳ ᠬᠤᠰᠢ᠍ᠭᠤᠨ ᠤ ᠠᠷᠪᠠᠨ ᠵᠢᠷᠭᠤᠳ᠋ᠤᠭᠠᠷ᠁
ᠵᠠᠷᠤᠳ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠭᠤᠷᠪᠠᠳ᠋ᠤᠭᠠᠷ ᠤᠳ᠋ᠠᠭᠠᠨ ᠤ ᠬᠤᠷᠠᠯᠳ᠋ᠤᠭᠠᠨ ᠤ ᠡᠯ᠎ᠠ ᠲᠦ᠋ᠯᠦᠭᠡᠯᠡᠭ᠍ᠴᠢ᠍ᠳ ᠦᠨ ᠪᠦᠯᠬᠦᠮ ᠡᠴᠡ ᠵᠠᠰᠠᠭ ᠤᠨ ᠤᠷᠳ᠋ᠤᠨ ᠤ ᠠᠵᠢ᠍ᠯ ᠤᠨ ᠢᠯᠡᠳᠭᠡᠯ ᠢ ᠨᠠᠷᠢ᠍ᠨ ᠬᠢᠨᠠᠮᠠᠭᠠᠢ ᠬᠢᠨᠠᠨ ᠵᠦ᠋ᠪᠯᠡᠵᠤ ᠢᠳ᠋ᠡᠪᠬᠢᠳ᠋ᠡᠢ ᠰᠠᠨᠠᠯ ᠵᠦ᠋ᠪᠯᠡᠯᠭᠡ ᠲᠤᠷᠠᠳ᠋ᠤᠪᠠ


          3 ᠰᠠᠷ᠎ᠠ ᠶᠢᠨ 21᠋ ᠤ ᠡᠳ᠋ᠦᠷ᠂ ᠵᠠᠷᠤᠳ ᠬᠤᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠭᠤᠷᠪᠠᠳ᠋ᠤᠭᠠᠷ ᠤᠳ᠋ᠠᠭᠠᠨ ᠤ ᠬᠤᠷᠠᠯᠳ᠋ᠤᠭᠠᠨ ᠦᠪᠡᠳ᠋ᠡᠭ᠍ᠰᠢ ᠶᠡᠭᠡᠪᠡᠷ ᠡᠬᠢᠯᠡᠪᠡ᠃ ᠪᠦᠬᠦ ᠬᠤᠰᠢ᠍ᠭᠤᠨ ᠤ ᠡᠯ᠎ᠠ ᠠᠵᠢ᠍ᠯ ᠤᠨ ᠹᠷᠣᠨᠲ ᠡᠴᠡ ᠬᠦᠷᠦᠯᠴᠠᠨ ᠢᠷᠡᠭ᠍ᠰᠡᠨ ᠠᠷᠠᠳ ᠤᠨ ᠲᠦ᠋ᠯᠦᠭᠡᠯᠡᠭ᠍ᠴᠢ᠍ᠳ ᠬᠤᠷᠠᠨ ᠴᠤᠭᠯᠠᠷᠠᠵᠤ᠂ ᠬᠦᠭ᠍ᠵᠢ᠍ᠯᠳ᠋ᠡ ᠶᠢ ᠬᠠᠮᠳ᠋ᠤᠪᠠᠷ ᠵᠦ᠋ᠪᠳ᠋ᠡᠯᠴᠡᠨ᠂ ᠵᠠᠷᠤᠳ ᠬᠤᠰᠢ᠍ᠭᠤᠨ ᠤ ᠠᠵᠤ ᠠᠬᠤᠢ ᠨᠡᠢ᠌ᠭᠡᠮ ᠦᠨ ᠨᠡᠩ ᠰᠠᠢ᠌ᠨ ᠨᠡᠩ ᠲᠦ᠋ᠷᠭᠡᠨ ᠭᠦᠭ᠍ᠵᠢ᠍ᠯᠳ᠋ᠡ ᠶᠢ ᠲᠠᠰᠤᠷᠠᠯᠳ᠋ᠡ ᠦᠭᠡᠶ ᠲᠦ᠋ᠯᠬᠢᠨ ᠠᠬᠢᠭᠤᠯᠬᠤ ᠶᠢᠨ ᠲᠦ᠋ᠯᠦᠭᠡ ᠰᠠᠨᠠᠯ ᠵᠦ᠋ᠪᠯᠡᠯᠭᠡ ᠲᠤᠷᠠᠳ᠋ᠤᠪᠠ᠃ 

        


        


        


        


        


        


        


        


        


        


        


        


        

      ᠪᠦᠬᠦ ᠲᠦ᠋ᠯᠦᠭᠡᠯᠡᠭ᠍ᠴᠢ ᠡᠴᠡ ᠦᠵᠡᠵᠡᠭᠡᠭ᠍ᠰᠡᠨ ᠨᠢ᠂ ᠮᠡᠳ᠋ᠡᠬᠦᠯᠦᠯᠳ᠋ᠡ ᠨᠢ ᠬᠢᠷᠢ ᠪᠦᠲᠦᠮᠵᠢ ᠪᠠᠨ ᠪᠤᠰᠤᠳᠴᠢ ᠪᠦᠬᠦ ᠲᠠᠯ᠎ᠠ ᠪᠡᠷ ᠳ᠋ᠦ᠋ᠩᠨᠡᠵᠦ᠂ ᠬᠤᠢ᠌ᠰᠢ᠍ᠳ᠋ᠡ ᠶᠢᠨ ᠶᠡᠷᠦᠩᠭᠡᠢ ᠰᠡᠳᠬᠢᠴᠡ᠂ ᠲᠡᠮᠡᠴᠡᠬᠦ ᠬᠠᠷᠠᠯᠳ᠋ᠡ ᠪᠤᠯᠤᠨ ᠭᠤᠤᠯ ᠡᠭᠦᠷᠭᠡ ᠪᠠᠨ ᠢᠯᠡ ᠲᠤᠳ᠋ᠤᠷᠬᠠᠢ ᠲᠤᠷᠠᠳ᠋ᠤᠨ ᠭᠠᠷᠭᠠᠵᠤ᠂ ᠪᠦᠬᠦ ᠬᠤᠰᠢ᠍ᠭᠤᠨ ᠤ ᠬᠦᠭ᠍ᠵᠢ᠍ᠯᠳ᠋ᠡ ᠶᠢᠨ ᠢᠷᠡᠭᠡᠳ᠋ᠦᠢ ᠶᠢ ᠪᠢᠴᠢᠭ᠍ᠯᠡᠨ᠂ ᠦᠵᠡᠯ ᠰᠠᠨᠠᠭᠠᠳ᠋ᠤ ᠴᠢ᠍ᠨᠠᠷ ᠪᠠ ᠵᠢᠯᠤᠭᠤᠳ᠋ᠤᠮᠵᠢ ᠶᠢᠨ ᠴᠢ᠍ᠨᠠᠷ᠋ ᠶᠢᠠᠷ ᠮᠠᠰᠢ ᠴᠢ᠍ᠩᠭ᠎ᠠ ᠪᠠᠢ᠌ᠵᠤ᠂ ᠬᠦᠮᠦᠰ  ᠤᠨ ᠤᠷᠮ᠎ᠠ ᠰᠡᠳᠬᠢᠯ ᠢ ᠬᠦᠭ᠍ᠵᠢ᠍ᠭᠡᠨ᠂ ᠡᠷᠴᠢ ᠵᠤᠷᠢ᠍ᠭ ᠢ ᠬᠦᠪᠴᠢ᠍ᠯᠡᠵᠤ᠂ ᠦᠨᠡᠨ ᠡᠴᠡ ᠵᠦ᠋ᠪ ᠢ ᠡᠷᠢ᠍ᠯᠬᠢᠯᠡᠵᠤ᠂ ᠪᠦᠬᠦ ᠬᠤᠰᠢ᠍ᠭᠤᠨ ᠤ ᠭᠦᠭ᠍ᠵᠢ᠍ᠯᠳ᠋ᠡ ᠶᠢᠨ ᠴᠢᠭ᠍ᠯᠡᠯ ᠢ ᠵᠢᠭᠠᠵᠤ᠂ᠬᠦᠴᠤᠨ ᠶᠢᠠᠨ ᠨᠢ᠍ᠭᠲᠠᠷᠠᠭᠤᠯᠵᠤ᠂ ᠨᠡᠭᠡᠭᠡᠯᠳ᠋ᠡᠳ᠋ᠤ ᠰᠢ᠍ᠨ᠎ᠠ ᠶᠢ ᠡᠭᠦᠳ᠋ᠦᠭ᠍ᠰᠡᠨ ᠰᠠᠢ᠌ᠨ ᠮᠡᠳ᠋ᠡᠬᠦᠯᠦᠯᠳ᠋ᠡ ᠪᠤᠯᠤᠨ᠎ᠠ ᠭᠡᠵᠡᠢ᠃                                  

ᠡᠮᠦᠨᠡᠬᠢ᠄ ᠵᠠᠷᠣᠣᠨ ᠬᠣᠰᠢ᠍ᠭᠤᠨ ᠤ ᠠᠷᠪᠠᠨ ᠵᠢᠷᠭᠣᠳ᠋ᠣᠭᠠᠷ ᠬᠣᠭᠣᠴᠠᠭᠠᠨ ᠤ ᠠᠷᠠᠣᠨ ᠤᠨ ᠲᠦ᠋ᠯᠣᠬᠡᠯᠡᠭ᠍ᠴᠢ᠍ᠣᠨ ᠤᠨ ᠶᠡᠬᠡ ᠬᠣᠷᠡᠯ ᠤᠨ ᠭᠣᠷᠪᠠᠳ᠋ᠣᠭᠠᠷ ᠣᠳ᠋ᠠᠭᠠᠨ ᠤ ᠬᠤᠷᠠᠯ ᠡᠬᠢᠯᠡᠭ᠍ᠰᠡᠨ ᠨᠢ
ᠳᠠᠷᠠᠭᠠᠬᠢ᠄ ᠬᠤᠰᠢᠭᠤᠨ ᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ ᠬᠤᠷᠠᠯᠳᠤᠭᠠᠨ ᠤ ᠠᠵᠢᠯ ᠤᠨ ᠭᠡᠰᠡᠭ ᠰᠡᠬᠦᠳᠡᠷ