ᠤᠳᠤ ᠶᠢᠨ ᠪᠠᠢ᠌ᠷᠢ᠄ ᠴᠢᠬᠤᠯᠠ ᠮᠡᠳᠡᠭᠡ → ᠵᠠᠷᠤᠳ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ᠁
ᠵᠠᠷᠤᠳ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠰᠤᠩᠭ᠋ᠤᠭᠤᠯᠢ ᠶᠢᠨ ᠶᠠᠪᠤᠳ᠋ᠠᠯ ᠤᠨ ᠠᠵᠢ᠍ᠯ ᠤᠨ ᠵᠦ᠋ᠪᠯᠠᠯ ᠬᠤᠰᠢ᠍ᠭᠤᠨ ᠤ ᠲᠤᠷᠰᠢ᠍ᠯᠳ᠋ᠡ ᠶᠢᠨ ᠴᠡᠭ᠌ ᠦᠨ ᠰᠤᠮᠤ ᠪᠠᠯᠭᠠᠰᠤ ᠶᠢᠨ ᠠᠷᠠᠳ ᠤᠨ ᠠᠮᠢ᠍ᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢ᠍ᠯ ᠢ ᠠᠷᠠᠳ ᠤᠨ ᠲᠦ᠋ᠯᠦᠭᠡᠯᠡᠭ᠍ᠴᠢ᠍ᠳ ᠪᠢᠯᠸᠲ ᠦᠭ᠍ᠴᠦ ᠪᠠᠳ᠋ᠤᠯᠠᠬᠤ ᠠᠵᠢ᠍ᠯ ᠤᠨ ᠠᠬᠢᠴᠠ ᠶᠢᠨ ᠪᠠᠢ᠌ᠳ᠋ᠠᠯ ᠢ ᠰᠢ᠍ᠯᠭᠠᠨ ᠪᠠᠢ᠌ᠴᠠᠭᠠᠭᠰᠠᠨ

4 ᠰᠠᠷ᠎ᠠ ᠶᠢᠨ1᠋ ᠤ ᠡᠳ᠋ᠦᠷ ᠡᠴᠡ 4 ᠰᠠᠷ᠎ᠠ ᠶᠢᠨ2᠋ ᠤ ᠡᠳ᠋ᠦᠷ ᠪᠤᠯᠳ᠋ᠠᠯ᠎ᠠ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠰᠤᠩᠭ᠋ᠤᠭᠤᠯᠢ ᠶᠢᠨ ᠶᠠᠪᠤᠳ᠋ᠠᠯ ᠤᠨ ᠠᠵᠢ᠍ᠯ ᠤᠨ ᠵᠦ᠋ᠪᠯᠠᠯ ᠤᠨ ᠬᠠᠷᠢ᠍ᠭᠤᠴᠠᠯᠭᠠᠳ᠋ᠠᠨ ᠮᠦ᠋ᠩᠬᠡᠪᠠᠳ᠋ᠤ ᠪᠡᠷ ᠲᠤᠭᠤᠢ᠌ᠯᠠᠩ ᠤᠨ ᠳᠠᠷᠤᠭ᠎ᠠ ᠪᠤᠯᠭᠠᠭᠰᠠᠨ ᠰᠢ᠍ᠯᠭᠠᠨ ᠪᠠᠢ᠌ᠴᠠᠭᠠᠬᠤ ᠲᠤᠭᠤᠢ᠌ᠯᠠᠩ ᠬᠤᠰᠢ᠍ᠭᠤᠨ ᠤ ᠲᠤᠷᠰᠢ᠍ᠯᠳ᠋ᠡ ᠶᠢᠨ ᠴᠡᠭ᠌ ᠦᠨ ᠰᠤᠮᠤ ᠪᠠᠯᠭᠠᠰᠤ ᠶᠢᠨ ᠠᠷᠠᠳ ᠤᠨ ᠠᠮᠢ᠍ᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢ᠍ᠯ ᠢ ᠠᠷᠠᠳ ᠤᠨ ᠲᠦ᠋ᠯᠦᠭᠡᠯᠡᠭ᠍ᠴᠢ᠍ᠳ ᠪᠢᠯᠸᠲ ᠦᠭ᠍ᠴᠦ ᠪᠠᠳ᠋ᠤᠯᠠᠬᠤ ᠠᠵᠢ᠍ᠯ ᠤᠨ ᠠᠬᠢᠴᠠ ᠶᠢᠨ ᠪᠠᠢ᠌ᠳ᠋ᠠᠯ ᠢ ᠰᠢ᠍ᠯᠭᠠᠨ ᠪᠠᠢ᠌ᠴᠠᠭᠠᠪᠠ᠃ ᠤᠷᠢ᠍ᠳ ᠬᠤᠵᠢ᠍ᠳ ᠳᠤᠯᠤᠳ᠋ᠤ ᠰᠤᠮᠤ᠂ᠰᠢ᠍ᠶᠠᠩᠱᠠᠨ ᠪᠠᠯᠭᠠᠰᠤ᠂ ᠪᠠᠶᠠᠨᠳ᠋ᠠᠯ᠎ᠠ ᠰᠤᠮᠤ᠂ ᠦᠯᠵᠡᠢ᠌ᠮᠦᠢ᠍ᠷᠡᠨ ᠰᠤᠮᠤ ᠳᠤ ᠬᠦᠷᠴᠤ᠂ ᠲᠦ᠋ᠷᠦᠯ ᠵᠦ᠋ᠢ᠍ᠯ ᠦᠨ ᠪᠦᠲᠦᠭᠡᠨ ᠪᠠᠢ᠌ᠭᠤᠯᠤᠯᠳ᠋ᠡ ᠶᠢ ᠪᠤᠳ᠋ᠠᠳ᠋ᠠᠢ ᠭᠠᠵᠠᠷ ᠲᠤ ᠨᠢ ᠪᠠᠢ᠌ᠴᠠᠭᠠᠨ ᠦᠵᠡᠬᠦ ᠪᠤᠯᠤᠨ ᠰᠠᠭᠤᠳ᠋ᠠᠯ ᠤᠨ ᠬᠤᠷᠠᠯ ᠬᠤᠷᠠᠯᠳ᠋ᠤᠭᠤᠯᠬᠤ ᠵᠡᠷᠭᠡ ᠬᠡᠯᠪᠡᠷᠢ ᠶᠢᠡᠷ ᠠᠵᠢ᠍ᠯ ᠦᠷᠨᠢᠭᠦᠯᠪᠡ᠃


ᠰᠢ᠍ᠯᠭᠠᠨ ᠪᠠᠢ᠌ᠴᠠᠭᠠᠬᠤ ᠲᠤᠭᠤᠢ᠌ᠯᠠᠩ ᠡᠴᠡ ᠴᠢ᠍ᠩᠭ᠋ᠠᠳᠬᠠᠭᠰᠠᠨ ᠨᠢ᠂ ᠲᠦ᠋ᠷᠦᠯ ᠵᠦ᠋ᠢ᠍ᠯ ᠢ ᠡᠷᠭᠡᠪᠰᠢ ᠤᠯᠠᠨ ᠲᠦ᠋ᠮᠡᠨ ᠦ ᠰᠠᠨᠠᠭ᠎ᠠ ᠳᠤ ᠨᠡᠢ᠌ᠴᠡᠬᠦᠯᠵᠤ᠂ ᠤᠯᠠᠨ ᠲᠦ᠋ᠮᠡᠨ ᠦ ᠱᠠᠭᠠᠷᠳ᠋ᠠᠯᠭ᠎ᠠ ᠳᠤ ᠵᠤᠬᠢᠴᠠᠭᠤᠯᠬᠤ ᠶᠢ ᠬᠦᠢ᠍ᠴᠡᠳ ᠢᠯᠡᠷᠡᠭᠦᠯᠦᠨ᠂ ᠤᠯᠠᠨ ᠲᠦ᠋ᠮᠡᠨ ᠦ ᠬᠠᠮᠤᠭ ᠪᠠᠴᠢ᠍ᠮ ᠱᠠᠭᠠᠷᠳ᠋ᠠᠬᠤ ᠲᠦ᠋ᠷᠦᠯ ᠵᠦ᠋ᠢ᠍ᠯ᠂ ᠦᠢ᠍ᠯᠡᠳᠪᠦᠷᠢ᠍ᠯᠡᠯ ᠠᠮᠢ᠍ᠳ᠋ᠤᠷᠠᠯ ᠤᠨ ᠬᠦᠴᠢ᠍ᠷᠳ᠋ᠡᠯ ᠢ ᠨᠢ ᠬᠠᠮᠤᠭ ᠲᠡᠷᠢ᠍ᠬᠦᠨ ᠳᠤ ᠰᠢ᠌ᠳᠪᠦᠷᠢ᠍ᠯᠡᠬᠦ ᠲᠦ᠋ᠷᠦᠯ ᠵᠦ᠋ᠢ᠍ᠯ ᠪᠤᠯᠬᠤ ᠶᠢ ᠬᠡᠵᠢ᠍ᠶᠠᠳ᠋ᠡ ᠪᠠᠷᠢ᠍ᠮᠳ᠋ᠠᠯᠠᠵᠤ᠂ ᠡᠷᠬᠡᠪᠰᠢ ᠠᠷᠠᠳ ᠤᠨ ᠲᠦ᠋ᠯᠦᠭᠡᠯᠡᠭ᠍ᠴᠢ᠍ᠳ ᠦᠨ ᠴᠢ᠍ᠬᠤᠯᠨ ᠦᠢ᠍ᠯᠡᠳ᠋ᠦᠯ ᠢ ᠪᠠᠳ᠋ᠠᠷᠠᠭᠤᠯᠵᠤ᠂ ᠲᠦ᠋ᠷᠦᠯ ᠵᠦ᠋ᠢ᠍ᠯ ᠢ ᠬᠤᠷᠢ᠍ᠶᠠᠨ ᠴᠤᠭᠯᠠᠭᠤᠯᠬᠤ᠂ ᠬᠢᠨᠠᠯᠳ᠋ᠠ ᠲᠠᠯᠪᠢᠬᠤ ᠵᠡᠷᠭᠡ ᠡᠯ᠎ᠠ ᠲᠦ᠋ᠷᠦᠯ ᠦᠨ ᠴᠢ᠍ᠬᠤᠯᠨ ᠭᠤᠭᠴᠤᠭ᠎ᠠ ᠨᠢ ᠡᠷᠭᠡᠪᠰᠢ ᠠᠷᠠᠳ ᠤᠨ ᠲᠦ᠋ᠯᠦᠭᠡᠯᠡᠭ᠍ᠴᠢ᠍ᠳ ᠲᠤ ᠲᠦᠰᠢᠭᠯᠡᠵᠤ᠂ ᠰᠤᠮᠤ ᠪᠠᠯᠭᠠᠰᠤ ᠶᠢᠨ ᠠᠷᠠᠳ ᠤᠨ ᠲᠦ᠋ᠯᠦᠭᠡᠯᠡᠭ᠍ᠴᠢ᠍ᠳ ᠡᠷᠬᠡᠪᠰᠢ ᠨᠠᠮ ᠤᠨ ᠬᠤᠷᠢ᠍ᠶ᠎ᠠ ᠵᠠᠰᠠᠭ ᠤᠨ ᠤᠷᠳ᠋ᠤᠨ ᠲᠡᠶ ᠬᠠᠷᠢ᠍ᠯᠴᠠᠭ᠎ᠠ ᠬᠤᠯᠪᠤᠭ᠎ᠠ ᠪᠠᠨ ᠴᠢ᠍ᠩᠭ᠋ᠠᠳᠬᠠᠵᠤ᠂ ᠲᠦ᠋ᠷᠦᠯ ᠵᠦ᠋ᠢ᠍ᠯ ᠦᠨ ᠠᠬᠢᠴᠠ ᠳᠤ ᠬᠢᠨᠠᠯᠳ᠋ᠡ ᠲᠠᠯᠪᠢᠵᠤ᠂ ᠴᠠᠭ ᠲᠤᠬᠠᠢ ᠳᠤ ᠨᠢ ᠠᠰᠠᠭᠤᠳ᠋ᠠᠯ ᠢ ᠢᠯᠡᠷᠡᠬᠦᠯᠦᠨ᠂ ᠠᠰᠠᠭᠤᠳ᠋ᠠᠯ ᠢ ᠲᠤᠰᠬᠠᠵᠤ᠂ ᠠᠰᠠᠭᠤᠳ᠋ᠠᠯ ᠢ ᠰᠢ᠌ᠳᠪᠦᠷᠢ᠍ᠯᠡᠨ᠂ ᠪᠦᠬᠦ ᠬᠤᠳ᠋ᠠ ᠶᠢᠨ ᠲᠤᠷᠰᠢ᠍ᠯᠳ᠋ᠡ ᠶᠢᠨ ᠬᠤᠰᠢ᠍ᠭᠤ ᠪᠤᠯᠤᠭᠰᠠᠨ ᠤ ᠬᠤᠪᠢ ᠳᠤ ᠠᠷᠠᠳ ᠤᠨ ᠠᠮᠢ᠍ᠳ᠋ᠤᠷᠠᠯ ᠤᠨ ᠪᠤᠳ᠋ᠠᠳ᠋ᠤ ᠶᠠᠪᠤᠳ᠋ᠠᠯ ᠤᠨ ᠲᠦ᠋ᠷᠦᠯ ᠵᠦ᠋ᠢ᠍ᠯ ᠢ ᠤᠯᠠᠨ ᠲᠦ᠋ᠮᠡᠨ ᠲᠤᠷᠠᠳ᠋ᠤᠨ᠂ ᠲᠦ᠋ᠯᠦᠭᠡᠯᠡᠭ᠍ᠴᠢ ᠲᠤᠭᠳ᠋ᠠᠭᠠᠵᠤ᠂ ᠵᠠᠰᠠᠭ ᠤᠨ ᠤᠷᠳ᠋ᠤᠨ ᠪᠡᠶᠡᠯᠡᠭᠦᠯᠦᠨ᠂ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠬᠢᠨᠠᠯᠳ᠋ᠡ ᠲᠠᠯᠪᠢᠭᠰᠠᠨ ᠬᠦᠴᠦᠨ  ᠶᠢᠠᠨ ᠨᠢ᠍ᠭᠲᠠᠷᠠᠭᠤᠯᠵᠤ ᠬᠠᠮᠳ᠋ᠤᠪᠠᠷ ᠤᠷᠤᠭᠰᠢ᠍ᠯᠠᠭᠰᠠᠨ ᠰᠢ᠍ᠨ᠎ᠠ ᠬᠡᠯᠪᠡᠷᠢ ᠶᠢ ᠡᠭᠦᠳ᠋ᠦᠨ ᠪᠠᠢ᠌ᠭᠤᠯᠰᠤᠭᠠᠢ ᠭᠡᠵᠡᠢ᠃

 

ᠡᠮᠦᠨᠡᠬᠢ᠄ ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠤᠳ᠋ᠤᠷᠢ᠍ᠳ᠋ᠤᠯᠭ᠎ᠠ ᠮᠠᠨ ᠤ ᠬᠤᠰᠢ᠍ᠭᠤᠨ ᠳᠤ ᠢᠷᠡᠵᠤ ᠠᠷᠠᠳ ᠤᠨ ᠲᠦ᠋ᠯᠦᠭᠡᠯᠡᠭ᠍ᠴᠢ᠍ᠳ ᠦᠨ ᠪᠢᠯᠸᠲ ᠦᠭ᠍ᠴᠦ ᠪᠠᠳ᠋ᠤᠯᠠᠬᠤ ᠲᠦ᠋ᠷᠢ᠍ᠮ ᠦᠨ ᠲᠤᠷᠰᠢ᠍ᠯᠲᠠ ᠶᠢᠨ ᠴᠡᠭ᠌ ᠦᠨ ᠠᠵᠢ᠍ᠯ ᠢ ᠪᠠᠢ᠌ᠴᠠᠭᠠᠨ ᠰᠤᠳ᠋ᠤᠯᠤᠭᠰᠠᠨ
ᠳᠠᠷᠠᠭᠠᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠡᠷᠬᠢᠯᠡᠭ᠍ᠴᠢ ᠪᠠᠶᠠᠨᠰᠠᠩ ᠦᠨᠳ᠋ᠦᠰᠦᠨ ᠱᠠᠳ᠋ᠤᠨ ᠳᠤ ᠭᠦᠨᠵᠡᠭᠡᠢ᠌ᠷᠡᠵᠤ ᠪᠠᠢ᠌ᠴᠠᠭᠠᠨ ᠰᠤᠳ᠋ᠤᠯᠤᠭᠰᠠᠨ