ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ᠁
ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠡᠭᠦᠷ ᠪᠦᠬᠦ ᠬᠤᠰᠢ᠍ᠭᠤᠨ ᠤ ᠨᠠᠮ ᠤᠨ ᠪᠦᠲᠦᠭᠡᠨ ᠪᠠᠢ᠌ᠭᠤᠯᠤᠯᠳ᠋ᠡ ᠵᠢᠴᠢ ᠵᠤᠬᠢᠶᠠᠨ ᠪᠠᠢ᠌ᠭᠤᠯᠤᠯᠳ᠋ᠡ ᠤᠬᠠᠭᠤᠯᠭ᠎ᠠ ᠨᠢ᠍ᠭᠡᠲᠦᠮᠡᠯ ᠹᠷᠤᠨᠲ ᠤᠨ ᠠᠵᠢ᠍ᠯ ᠤᠨ ᠬᠤᠷᠠᠯ ᠤᠨ ᠵᠤᠷᠢ᠍ᠭ ᠰᠠᠨᠠᠭ᠎ᠠ ᠶᠢ ᠤᠯᠠᠮᠵᠢ᠍ᠯᠡᠨ ᠰᠤᠷᠤᠯᠴᠠᠪᠠ


              

             4ᠰᠠᠷ᠎ᠠ ᠶᠢᠨ19᠊ ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠡᠭᠦᠷ ᠪᠦᠬᠦ ᠬᠤᠰᠢ᠍ᠭᠤᠨ ᠤ ᠨᠠᠮ ᠤᠨ ᠪᠦᠲᠦᠭᠡᠨ ᠪᠠᠢ᠌ᠭᠤᠯᠤᠯᠳ᠋ᠡ ᠵᠢᠴᠢ ᠵᠤᠬᠢᠶᠠᠨ ᠪᠠᠢ᠌ᠭᠤᠯᠤᠯᠳ᠋ᠡ ᠤᠬᠠᠭᠤᠯᠭ᠎ᠠ ᠨᠢ᠍ᠭᠡᠲᠦᠮᠡᠯ ᠹᠷᠤᠨᠲ ᠤᠨ ᠠᠵᠢ᠍ᠯ ᠤᠨ ᠬᠤᠷᠠᠯ ᠤᠨ ᠵᠤᠷᠢ᠍ᠭ ᠰᠠᠨᠠᠭ᠎ᠠ ᠶᠢ ᠤᠯᠠᠮᠵᠢ᠍ᠯᠡᠨ ᠰᠤᠷᠤᠯᠴᠠᠪᠠ᠃ ᠪᠠᠢ᠌ᠭᠤᠯᠭ᠎ᠠ ᠶᠢᠨ ᠨᠠᠮ ᠤᠨ ᠡᠭᠦᠷ ᠦᠨ ᠱᠦ᠋ᠵᠢ ᠯᠢ ᠴᠸᠩ ᠭᠦᠸᠸ ᠬᠤᠷᠠᠯ ᠡᠷᠬᠢᠯᠡᠪᠡ᠃
                      

               ᠬᠤᠷᠠᠯ ᠳᠡᠭᠡᠷ᠎ᠠ᠂ ᠨᠠᠮ ᠤᠨ ᠡᠭᠦᠷ ᠦᠨ ᠱᠦ᠋ᠵᠢ ᠯᠢ ᠴᠸᠩ ᠭᠦᠸᠸ ᠡᠴᠡ ᠵᠤᠬᠢᠶᠠᠨ ᠪᠠᠢ᠌ᠭᠤᠯᠬᠤ ᠬᠡᠯᠲᠡᠰ ᠦᠨ ᠳᠠᠷᠤᠭ᠎ᠠ ᠵᠠᠩ ᠬᠠᠨ ᠰᠦ᠋ᠩ᠂ ᠤᠬᠠᠭᠤᠯᠬᠤ ᠬᠡᠯᠲᠡᠰ ᠦᠨ ᠳᠠᠷᠤᠭ᠎ᠠ ᠪᠤᠤ ᠬᠤᠩ ᠮᠸᠢ᠂ ᠨᠢ᠍ᠭᠡᠳ᠋ᠦᠮᠡᠯ ᠹᠷᠤᠨᠲ ᠤᠨ ᠬᠡᠯᠲᠡᠰ ᠦᠨ ᠳᠠᠷᠤᠭ᠎ᠠ ᠡᠤ ᠴᠦ᠋ᠨ ᠬᠤᠸᠨ ᠶᠢᠨ ᠪᠦᠬᠦ ᠬᠤᠰᠢ᠍ᠭᠤᠨ ᠤ ᠨᠠᠮ ᠤᠨ ᠪᠦᠲᠦᠭᠡᠨ ᠪᠠᠢ᠌ᠭᠤᠯᠤᠯᠳ᠋ᠡ ᠵᠢᠴᠢ ᠵᠤᠬᠢᠶᠠᠨ ᠪᠠᠢ᠌ᠭᠤᠯᠤᠯᠳ᠋ᠡ ᠤᠬᠠᠭᠤᠯᠭ᠎ᠠ ᠨᠢ᠍ᠭᠡᠲᠦᠮᠡᠯ ᠹᠷᠤᠨᠲ ᠤᠨ ᠠᠵᠢ᠍ᠯ ᠤᠨ ᠬᠤᠷᠠᠯ ᠳᠡᠭᠡᠷᠡᠬᠢ ᠶᠠᠷᠢ᠍ᠶᠠᠨ ᠤ ᠵᠤᠷᠢ᠍ᠭ ᠰᠠᠨᠠᠭ᠎ᠠ ᠶᠢ ᠤᠯᠠᠮᠵᠢ᠍ᠯᠡᠨ ᠰᠤᠷᠤᠯᠴᠠᠪᠠ᠃

              

             ᠬᠤᠷᠠᠯ ᠡᠴᠡ ᠴᠢ᠍ᠩᠭ᠋ᠠᠳᠬᠠᠭᠰᠠᠨ ᠨᠢ᠂ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠡᠭᠦᠷ ᠪᠦᠬᠦ ᠤᠯᠤᠰ᠂ ᠦᠪᠡᠷᠳ᠋ᠡᠭᠡᠨ ᠵᠠᠰᠠᠬᠤ ᠤᠷᠤᠨ ᠤ ᠨᠠᠮ ᠤᠨ ᠬᠤᠷᠢ᠍ᠶ᠎ᠠ᠂ ᠬᠤᠳ᠋ᠠ ᠶᠢᠨ ᠨᠠᠮ ᠤᠨ ᠬᠤᠷᠢ᠍ᠶ᠎ᠠ᠂ ᠬᠤᠰᠢ᠍ᠭᠤᠨ ᠨᠠᠮ ᠤᠨ ᠬᠤᠷᠢ᠍ᠶ᠎ᠠ ᠶᠢᠨ ᠬᠠᠮᠢ᠍ᠶ᠎ᠠ ᠪᠦᠬᠦᠢ ᠬᠤᠷᠠᠯ ᠤᠨ ᠵᠤᠷᠢ᠍ᠭ ᠰᠠᠨᠠᠭ᠎ᠠ ᠶᠢ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠬᠤ ᠶᠢ ᠨᠠᠮ ᠤᠨ ᠡᠭᠦᠷ ᠦᠨ ᠠᠵᠢ᠍ᠯ ᠢ ᠰᠢ᠍ᠯᠭᠠᠨ ᠦᠨᠡᠯᠡᠬᠦ ᠶᠢᠨ ᠪᠠᠷᠢ᠍ᠮᠳ᠋ᠠ ᠪᠤᠯᠭᠠᠬᠤ ᠬᠡᠷᠡᠭ᠍ᠲᠡᠢ᠃ ᠪᠠᠢ᠌ᠭᠤᠯᠭ᠎ᠠ ᠶᠢᠨ ᠨᠠᠮ ᠤᠨ ᠡᠭᠦᠷ ᠦᠨ ᠳᠦ᠋ᠷᠢ᠍ᠮᠵᠢ᠍ᠭ᠍ᠰᠡᠨ ᠪᠠᠢ᠌ᠭᠤᠯᠤᠯᠳ᠋ᠡ ᠶᠢ ᠭᠦᠨᠵᠡᠭᠡᠢ ᠲᠦ᠋ᠯᠬᠢᠨ ᠠᠬᠢᠭᠤᠯᠵᠤ᠂ ᠨᠠᠮ ᠤᠨ ᠪᠦᠲᠦᠭᠡᠨ ᠪᠠᠢ᠌ᠭᠤᠯᠤᠯᠳ᠋ᠡ ᠶᠢᠨ ᠠᠵᠢ᠍ᠯ ᠪᠤᠯᠤᠨ ᠠᠵᠢ᠍ᠯ ᠶᠠᠪᠤᠳ᠋ᠠᠯ ᠤᠨ ᠴᠤᠭᠭᠠᠷ ᠴᠢ᠍ᠩᠭ᠎ᠠ ᠠᠳᠬᠤᠬᠤ ᠶᠢ ᠪᠠᠷᠢ᠍ᠮᠳ᠋ᠠᠯᠠᠨ᠂ ᠨᠠᠮ ᠤᠨ ᠡᠭᠦᠷ ᠦᠨ 《 ᠭᠤᠤᠯ ᠰᠡᠳ᠋ᠦᠪᠳ᠋ᠤ ᠨᠠᠮ ᠤᠨ ᠡᠳ᠋ᠦᠷ》᠊ ᠤᠨ ᠬᠦᠳ᠋ᠡᠯᠭᠡᠭᠡᠨ ᠵᠢᠴᠢ ᠨᠡᠢ᠌ᠭᠡᠮ ᠲᠤᠭᠤᠷᠢ᠍ᠭ ᠤᠨ ᠨᠠᠮ ᠤᠨ ᠡᠭᠦᠷ ᠲᠡᠶ ᠬᠠᠷᠢ᠍ᠯᠴᠠᠨ ᠬᠠᠮᠵᠢ᠍ᠯᠴᠠᠨ ᠬᠠᠮᠲᠤᠪᠠᠷ ᠴᠤᠭᠴᠠᠯᠠᠬᠤ ᠠᠵᠢ᠍ᠯ ᠢ ᠨᠠᠷᠢ᠍ᠨ ᠬᠢᠨᠠᠮᠠᠭᠠᠢ ᠦᠷᠨᠢᠭᠦᠯᠵᠤ᠂ ᠨᠠᠮ ᠤᠨ ᠡᠭᠦᠷ ᠦᠨ ᠵᠤᠬᠢᠶᠠᠨ ᠪᠠᠢ᠌ᠭᠤᠯᠬᠤ ᠬᠦᠴᠦᠨ᠂ ᠬᠦᠢ᠍ᠴᠡᠳᠬᠡᠬᠦ ᠬᠦᠴᠦᠨ ᠪᠠ ᠵᠤᠬᠢᠶᠠᠨ ᠪᠠᠢ᠌ᠭᠤᠯᠤᠯᠳ᠋ᠡ ᠶᠢᠨ ᠠᠮᠢ᠍ᠳ᠋ᠤᠷᠠᠯ ᠤᠨ ᠦᠷ᠎ᠠ ᠪᠦᠲᠦᠮᠵᠢ᠍ᠳ᠋ᠤ ᠴᠢ᠍ᠨᠠᠷ ᠢ ᠤᠯᠠᠮ ᠨᠢ᠍ᠭᠡ ᠠᠯᠬᠤᠮ ᠳᠡᠭᠡᠭ᠍ᠰᠢ᠍ᠯᠡᠬᠦᠯᠬᠦ ᠬᠡᠷᠡᠭ᠍ᠲᠡᠢ ᠭᠡᠵᠡᠢ᠃ (ᠳᠠᠯᠠᠢ)



 




ᠡᠮᠦᠨᠡᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠯᠦ᠋ᠪᠸᠢ ᠵᠡᠭᠡᠯᠢ ᠭᠤᠳ᠋ᠤᠮᠵᠢ ᠶᠢᠨ ᠰᠢ᠍ᠩᠬᠤᠸᠨ ᠨᠡᠢ᠌ᠭᠡᠮ ᠲᠤᠭᠤᠷᠢ᠍ᠭ ᠲᠡᠶ ᠬᠠᠷᠢ᠍ᠯᠴᠠᠨ ᠬᠠᠮᠵᠢ᠍ᠯᠴᠠᠨ ᠬᠠᠮᠳ᠋ᠤᠪᠠᠷ ᠴᠤᠭᠴᠠᠯᠠᠬᠤ ᠵᠦ᠋ᠪᠯᠡᠯᠴᠡᠭᠡᠷ ᠲᠤᠭᠲᠠᠪᠠ
ᠳᠠᠷᠠᠭᠠᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ ᠶᠢᠨ ᠨᠠᠮ ᠤᠨ ᠡᠬᠦᠷ ᠡᠴᠨ ᠪᠦᠬᠦ ᠬᠤᠰᠢᠭᠤᠨ ᠤ ᠤᠢᠷ᠎ᠠ ᠶᠢᠨ ᠬᠤᠭᠤᠴᠠᠭᠠᠨ ᠤ ᠴᠢᠬᠤᠯᠨ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠭᠰᠨᠨ ᠨᠢ