ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠣᠷᠡᠯ ᠤᠨ ᠪᠠᠢ᠌ᠩᠭ᠋ᠤ ᠶᠢᠨ ᠬᠤᠷᠢ᠍ᠶ᠎ᠠ《ᠪᠦᠭᠦᠳ᠋ᠡ ᠨᠠᠢ᠌ᠷᠠᠮᠳ᠋ᠠᠬᠤ ᠳᠤᠮᠳ᠋ᠠᠳ᠋ᠤ ᠠᠷᠠᠳ ᠤᠯᠤᠰ ᠤᠨ ᠪᠤᠳ᠋ᠠᠰ ᠤᠨ ᠪᠤᠰᠤ ᠰᠤᠶᠤᠯ ᠤᠨ ᠦᠪ ᠤᠨ ᠬᠠᠤᠯᠢ》᠊ ᠶᠢ ᠲᠤᠭᠤᠰᠢ᠍ᠯᠠᠭᠤᠯᠤᠨ ᠬᠡᠷᠡᠭ᠍ᠵᠢ᠍ᠭᠦᠯᠦᠭ᠍ᠰᠡᠨ ᠪᠠᠢ᠌ᠳ᠋ᠠᠯ ᠳᠤ ᠬᠠᠤᠯᠢ ᠬᠡᠷᠡᠭ᠍ᠵᠢ᠍ᠭᠦᠯᠬᠦ ᠪᠠᠢ᠌ᠴᠠᠭᠠᠯᠳ᠋ᠠ ᠦᠷᠨᠢᠭᠦᠯᠦᠭ᠍ᠰᠡᠨ

ᠤᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠣᠷᠡᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠳᠡᠳ᠋ ᠡᠷᠬᠢᠯᠡᠭ᠍ᠴᠢ ᠡᠤ ᠰᠢ᠍ᠶᠣᠣ ᠬᠠᠤᠯᠢ ᠬᠡᠷᠡᠭ᠍ᠵᠢ᠍ᠭᠦᠯᠬᠦ ᠪᠠᠢ᠌ᠴᠠᠭᠠᠬᠤ ᠳᠤᠭᠤᠢ᠌ᠯᠠᠩ ᠢ ᠳᠠᠭᠠᠭᠤᠯᠤᠨ ᠮᠠᠨ ᠤ ᠬᠤᠰᠢ᠍ᠭᠤᠨ ᠤ 《ᠪᠦᠭᠦᠳ᠋ᠡ ᠨᠠᠢ᠌ᠷᠠᠮᠳ᠋ᠠᠬᠤ ᠳᠤᠮᠳ᠋ᠠᠳ᠋ᠤ ᠠᠷᠠᠳ ᠤᠯᠤᠰ ᠤᠨ ᠪᠤᠳ᠋ᠠᠰ ᠤᠨ ᠪᠤᠰᠤ ᠰᠤᠶᠤᠯ ᠤᠨ ᠦᠪ ᠤᠨ ᠬᠠᠤᠯᠢ》᠊ ᠶᠢ ᠲᠤᠭᠤᠰᠢ᠍ᠯᠠᠭᠤᠯᠤᠨ ᠬᠡᠷᠡᠭ᠍ᠵᠢ᠍ᠭᠦᠯᠦᠭ᠍ᠰᠡᠨ ᠪᠠᠢ᠌ᠳ᠋ᠠᠯ ᠳᠤ ᠬᠠᠤᠯᠢ ᠬᠡᠷᠡᠭ᠍ᠵᠢ᠍ᠭᠦᠯᠦᠯᠳ᠋ᠡ ᠶᠢᠨ ᠪᠠᠢ᠌ᠴᠠᠭᠠᠯᠳ᠋ᠠ ᠦᠷᠨᠢᠭᠦᠯᠪᠠ᠃ ᠬᠤᠰᠢ᠍ᠭᠤᠨ ᠳᠡᠳ᠋ ᠳᠠᠷᠤᠭ᠎ᠠ ᠦᠨᠡᠨ ᠵᠢᠴᠢ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠤᠨ ᠬᠠᠷᠢ᠍ᠭᠤᠴᠠᠯᠭᠠᠳ᠋ᠠᠳ ᠪᠠᠢ᠌ᠴᠠᠭᠠᠯᠳ᠋ᠠ ᠳᠤ ᠤᠷᠤᠯᠴᠠᠪᠠ᠃

ᠬᠠᠤᠯᠢ ᠬᠡᠷᠡᠭ᠍ᠵᠢ᠍ᠭᠦᠯᠬᠦ ᠪᠠᠢ᠌ᠴᠠᠭᠠᠬᠤ ᠳᠤᠭᠤᠢ᠌ᠯᠠᠩ ᠤᠷᠢ᠍ᠳ ᠬᠤᠵᠢ᠍ᠳ ᠬᠤᠰᠢ᠍ᠭᠤᠨ ᠤ ᠮᠦ᠋ᠽᠸᠢ᠂ ᠬᠤᠰᠢ᠍ᠭᠤᠨ ᠤ ᠪᠠᠷ ᠵᠢᠷᠤᠭ ᠤᠨ ᠬᠦᠷᠢ᠍ᠶᠡᠯᠡᠩ᠂ ᠭᠤᠸ᠎ᠠ ᠮᠤᠩᠭ᠋ᠤᠯ ᠲᠡᠷᠯᠢ᠍ᠭ᠌ ᠤᠨ ᠳᠡᠯᠭᠡᠭᠦᠷ᠂ ᠠᠯᠳ᠋ᠠᠨ ᠬᠠᠨ᠎ᠠ ᠦᠨᠳ᠋ᠦᠰᠦᠳ᠋ᠡᠨ ᠤ ᠬᠡᠷᠡᠭ᠍ᠰᠡᠯ ᠤᠨ ᠬᠢᠵᠠᠭᠠᠷᠳ᠋ᠤ ᠬᠠᠷᠢ᠍ᠭᠤᠴᠠᠯᠭᠠᠳ᠋ᠤ ᠺᠤᠮᠫᠠᠨᠢ ᠵᠡᠷᠭᠡ ᠭᠠᠵᠠᠷ ᠲᠤ ᠬᠦᠷᠴᠦ᠂ ᠮᠠᠨ ᠤ ᠬᠤᠰᠢ᠍ᠭᠤᠨ ᠤ 《ᠪᠦᠭᠦᠳ᠋ᠡ ᠨᠠᠢ᠌ᠷᠠᠮᠳ᠋ᠠᠬᠤ ᠳᠤᠮᠳ᠋ᠠᠳ᠋ᠤ ᠠᠷᠠᠳ ᠤᠯᠤᠰ ᠤᠨ ᠪᠤᠳ᠋ᠠᠰ ᠤᠨ ᠪᠤᠰᠤ ᠰᠤᠶᠤᠯ ᠤᠨ ᠦᠪ ᠤᠨ ᠬᠠᠤᠯᠢ》᠊ ᠶᠢ ᠲᠤᠭᠤᠰᠢ᠍ᠯᠠᠭᠤᠯᠤᠨ ᠬᠡᠷᠡᠭ᠍ᠵᠢ᠍ᠭᠦᠯᠦᠭ᠍ᠰᠡᠨ ᠪᠠᠢ᠌ᠳ᠋ᠠᠯ ᠢ ᠨᠠᠷᠢ᠍ᠨ ᠨᠢ᠍ᠭᠳ᠋ᠠ ᠤᠢ᠌ᠯᠭᠠᠭᠰᠠᠨ ᠪᠠᠢ᠌ᠨ᠎ᠠ᠃


ᠪᠤᠳ᠋ᠠᠳ᠋ᠠᠢ ᠭᠠᠵᠠᠷ ᠤᠨ ᠪᠠᠢ᠌ᠴᠠᠭᠠᠯᠳ᠋ᠠ ᠳᠠᠭᠤᠰᠤᠭᠰᠠᠨ ᠤ ᠳᠠᠷᠠᠭ᠎ᠠ᠂ ᠰᠠᠭᠤᠳ᠋ᠠᠯ ᠤᠨ ᠬᠤᠷᠠᠯ ᠬᠤᠷᠠᠯᠳ᠋ᠤᠭᠤᠯᠪᠠ᠃ ᠦ ᠰᠢ᠍ᠶᠣᠣ ᠵᠢᠭᠠᠵᠤ ᠭᠠᠷᠭᠠᠭᠰᠠᠨ ᠨᠢ᠂ ᠪᠤᠳ᠋ᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳ᠋ᠠ ᠪᠤᠯ ᠨᠢ᠍ᠭᠡ ᠲᠦ᠋ᠷᠦᠯ ᠤᠨ ᠰᠢ᠍ᠰᠲ᠋ᠧᠮᠵᠢ᠍ᠭ᠍ᠰᠡᠨ ᠯᠤᠳ᠋ᠤ ᠶᠡᠬᠡ ᠢᠵᠧᠨᠧᠷᠢ᠍ᠭ᠌ ᠪᠠᠢ᠌ᠵᠤ᠂ ᠮᠦ᠋ᠨᠴᠦ ᠰᠤᠶᠤᠯ ᠤᠨ ᠠᠵᠢ᠍ᠯᠳ᠋ᠠᠳ ᠤᠨ ᠢᠷᠠᠭᠤ ᠠᠯᠳ᠋ᠠᠷᠳ᠋ᠠᠢ ᠮᠦ᠋ᠷᠳ᠋ᠡᠭᠡᠨ ᠬᠦᠨᠳ᠋ᠤ ᠴᠢ᠍ᠬᠤᠯᠠ ᠡᠭᠦᠷᠭᠡ ᠲᠤᠰᠢ᠍ᠶᠠᠯ ᠪᠤᠯᠤᠨ᠎ᠠ᠃ ᠪᠦᠬᠦ ᠬᠤᠰᠢ᠍ᠭᠤᠨ ᠤ ᠡᠯ᠎ᠠ ᠭᠠᠵᠠᠷ ᠡᠯ᠎ᠠ ᠰᠠᠯᠠᠭ᠎ᠠ ᠮᠦ᠋ᠴᠢ᠍ᠷ ᠪᠤᠯᠤᠨ ᠦᠷᠭᠡᠨ ᠤᠯᠠᠨ ᠲᠦ᠋ᠮᠡᠨ ᠤ 《ᠪᠦᠭᠦᠳ᠋ᠡ ᠨᠠᠢ᠌ᠷᠠᠮᠳ᠋ᠠᠬᠤ ᠳᠤᠮᠳ᠋ᠠᠳ᠋ᠤ ᠠᠷᠠᠳ ᠤᠯᠤᠰ ᠤᠨ ᠪᠤᠳ᠋ᠠᠰ ᠤᠨ ᠪᠤᠰᠤ ᠰᠤᠶᠤᠯ ᠤᠨ ᠦᠪ ᠤᠨ ᠬᠠᠤᠯᠢ》᠊ ᠶᠢ ᠬᠡᠷᠡᠭ᠍ᠵᠢ᠍ᠭᠦᠯᠬᠦ ᠶᠢᠨ ᠴᠢ᠍ᠬᠤᠯᠠ ᠴᠢ᠍ᠨᠠᠷ ᠤᠨ ᠲᠠᠨᠢ᠍ᠯᠳ᠋ᠠ ᠶᠢ ᠤᠯᠠᠮ ᠨᠢ᠍ᠭᠡ ᠠᠯᠬᠤᠮ ᠳᠡᠭᠡᠭ᠍ᠰᠢ᠍ᠯᠡᠭᠦᠯᠵᠦ᠂ ᠡᠶ᠎ᠠ ᠨᠠᠢ᠌ᠷᠠᠮᠳ᠋ᠠᠭᠤ ᠨᠡᠢ᠌ᠭᠡᠮ ᠢ ᠪᠦᠲᠦᠭᠡᠨ ᠪᠠᠢ᠌ᠭᠤᠯᠬᠤ ᠪᠤᠯᠤᠨ ᠰᠤᠶᠤᠯ ᠤᠨ ᠦᠷᠭᠦᠯᠵᠢ᠍ᠯᠡᠬᠦᠢ᠌ᠴᠡ ᠬᠦᠭ᠍ᠵᠢ᠍ᠯᠳ᠋ᠡ ᠪᠠ ᠬᠦᠮᠦᠨ ᠲᠦ᠋ᠷᠦᠯᠬᠢᠳ᠋ᠡᠨ ᠤ ᠪᠦᠬᠦ ᠲᠠᠯ᠎ᠠ ᠶᠢᠨ ᠬᠦᠭ᠍ᠵᠢ᠍ᠯᠳ᠋ᠡ ᠶᠢ ᠠᠬᠢᠭᠤᠯᠬᠤ ᠪᠡᠷ ᠬᠠᠮᠤᠭ ᠡᠴᠦᠰ ᠤᠨ ᠬᠠᠷᠠᠯᠳ᠋ᠠ ᠪᠤᠯᠭᠠᠵᠤ᠂ ᠪᠦᠬᠦ ᠨᠡᠢ᠌ᠭᠡᠮ ᠶᠢᠡᠷ ᠶᠢᠡᠨ ᠤᠷᠤᠯᠴᠠᠬᠤ ᠶᠢ ᠢᠳ᠋ᠡᠪᠬᠢᠳ᠋ᠡᠢ ᠲᠠᠢ᠌ᠴᠢ᠍ᠯᠠᠨ᠂ 《ᠪᠤᠳ᠋ᠠᠰ ᠤᠨ ᠪᠤᠰᠤ ᠰᠤᠶᠤᠯ ᠤᠨ ᠦᠪ ᠤᠨ ᠬᠠᠤᠯᠢ》᠊ ᠶᠢ ᠶᠡᠬᠡ ᠬᠦᠴᠦᠨ ᠶᠢᠡᠷ ᠲᠦ᠋ᠭᠡᠮᠡᠯᠵᠢ᠍ᠯᠡᠭᠦᠯᠵᠦ᠂ ᠪᠤᠳ᠋ᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳ᠋ᠠ ᠶᠢᠨ ᠠᠵᠢ᠍ᠯ ᠢ ᠲᠤᠭᠳ᠋ᠠᠭᠤᠨ᠂ ᠡᠷᠡᠭᠦᠯ ᠴᠢ᠍ᠬᠢᠷᠠᠭ ᠡᠮᠬᠢ ᠵᠢᠷᠦᠮ ᠲᠡᠶ ᠦᠷᠨᠢᠭᠦᠯᠬᠦ ᠪᠤᠯᠤᠨ ᠦᠨᠳ᠋ᠦᠰᠦᠳ᠋ᠡᠨ ᠤ ᠰᠤᠶᠤᠯ ᠢ ᠶᠡᠬᠡ ᠬᠦᠴᠦᠨ ᠶᠢᠡᠷ ᠪᠠᠳ᠋ᠠᠷᠠᠭᠤᠯᠤᠨ ᠤᠯᠠᠮᠵᠢ᠍ᠯᠠᠬᠤ ᠪᠠ ᠮᠠᠨ ᠤ ᠬᠤᠰᠢ᠍ᠭᠤᠨ ᠤ ᠰᠤᠶᠤᠯ ᠤᠨ ᠠᠵᠢ᠍ᠯ ᠦᠢ᠍ᠯᠡᠰ ᠤᠨ ᠴᠡᠴᠡᠭᠯᠡᠨ ᠬᠦᠭ᠍ᠵᠢ᠍ᠬᠦ ᠶᠢ ᠲᠦ᠋ᠯᠬᠢᠨ ᠠᠬᠢᠭᠤᠯᠬᠤ ᠪᠡᠷ ᠢᠳ᠋ᠡᠪᠬᠢᠳ᠋ᠡᠢ ᠴᠢ᠍ᠷᠮᠠᠢ᠌ᠬᠤ ᠬᠡᠷᠡᠭ᠍ᠳ᠋ᠡᠢ ᠭᠡᠵᠡᠢ᠃
ᠦᠨᠡᠨ ᠬᠡᠯᠡᠭ᠍ᠰᠡᠨ ᠨᠢ᠂ ᠬᠤᠰᠢ᠍ᠭᠤᠨ ᠵᠠᠰᠠᠭ ᠤᠨ ᠤᠷᠳ᠋ᠤᠨ ᠪᠤᠳ᠋ᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳ᠋ᠠ ᠶᠢᠨ ᠠᠵᠢ᠍ᠯ ᠢ ᠳᠡᠭᠡᠳ᠋ᠦ ᠬᠡᠮᠵᠢ᠍ᠶ᠎ᠠ ᠪᠡᠷ ᠴᠢ᠍ᠬᠤᠯᠠᠴᠢ᠍ᠯᠠᠵᠤ᠂ ᠪᠦᠬᠦ ᠬᠤᠰᠢ᠍ᠭᠤᠨ ᠤ ᠦᠨᠳ᠋ᠦᠰᠦᠳ᠋ᠡᠨ ᠤ ᠰᠤᠶᠤᠯ ᠤᠨ ᠬᠠᠮᠠᠭᠠᠯᠠᠯᠳ᠋ᠠ ᠶᠢᠨ ᠰᠢ᠍ᠰᠲ᠋ᠧᠮ ᠨᠢ᠍ᠭᠡᠨᠳ᠋ᠡ ᠠᠩᠬ᠎ᠠ ᠠᠯᠬᠤᠮ ᠪᠦᠷᠢ᠍ᠯᠳ᠋ᠦᠭᠦᠯᠥᠭ᠍ᠰᠡᠨ ᠪᠠᠢ᠌ᠨ᠎ᠠ᠃ ᠪᠤᠳ᠋ᠠᠰ ᠤᠨ ᠪᠤᠰᠤ ᠰᠤᠶᠤᠯ ᠤᠨ ᠦᠪ ᠢ ᠬᠠᠮᠠᠭᠠᠯᠠᠨ ᠤᠯᠠᠮᠵᠢ᠍ᠯᠠᠬᠤ ᠭᠤᠤᠯ ᠴᠤᠭᠴᠠᠳ᠋ᠤ ᠬᠠᠷᠢ᠍ᠭᠤᠴᠠᠯᠭ᠎ᠠ ᠶᠢ ᠡᠭᠦᠷᠭᠡᠯᠡᠵᠦ᠂ ᠡᠯ᠎ᠠ ᠭᠠᠵᠠᠷ ᠡᠯ᠎ᠠ ᠰᠠᠯᠠᠭ᠎ᠠ ᠮᠦ᠋ᠴᠢ᠍ᠷ ᠤᠨ ᠬᠠᠮᠠᠭᠠᠯᠠᠨ ᠤᠯᠠᠮᠵᠢ᠍ᠯᠠᠬᠤ ᠴᠢ᠍ᠬᠤᠯᠠ ᠴᠢ᠍ᠨᠠᠷ ᠤᠨ ᠲᠠᠨᠢ᠍ᠯᠳ᠋ᠠ ᠶᠢ ᠴᠢ᠍ᠩᠭ᠋ᠠᠳᠬᠠᠵᠤ᠂ ᠪᠤᠳ᠋ᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳ᠋ᠠ ᠶᠢᠨ ᠠᠵᠢ᠍ᠯ ᠤᠨ ᠬᠠᠷᠢ᠍ᠭᠤᠴᠠᠯᠭᠠᠳ᠋ᠤ ᠰᠡᠳᠬᠢᠯᠬᠡ ᠶᠢ ᠦᠨᠡᠨᠬᠦ ᠨᠡᠮᠡᠭ᠍ᠳ᠋ᠡᠭᠦᠯᠵᠤ᠂ ᠤᠯᠠᠮᠵᠢ᠍ᠯᠠᠨ ᠪᠠᠳ᠋ᠠᠷᠠᠭᠤᠯᠬᠤ ᠵᠢ ᠴᠢ᠍ᠡᠭ᠍ᠭᠠᠳᠬᠵᠣ᠂ ᠰᠢ᠍ᠨ᠎ᠠ ᠨᠢ᠍ᠭᠡᠨ ᠦᠶ᠎ᠠ ᠶᠢᠨ ᠤᠯᠠᠮᠵᠢ᠍ᠯᠠᠭᠴᠢ ᠶᠢ ᠬᠦᠮᠦᠵᠢ᠍ᠭᠦᠯᠵᠦ᠂ ᠤᠯᠠᠨ ᠲᠦ᠋ᠮᠡᠨ ᠤ ᠤᠶᠤᠨ ᠤᠬᠠᠭᠠᠨ ᠪᠠ ᠬᠦᠴᠦᠨ ᠴᠢ᠍ᠳ᠋ᠠᠯ ᠢ ᠭᠦᠢ᠍ᠴᠡᠳ ᠪᠠᠳ᠋ᠠᠷᠠᠭᠤᠯᠵᠤ᠂ ᠪᠤᠳ᠋ᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳ᠋ᠠ ᠶᠢᠨ ᠠᠵᠢ᠍ᠯ ᠢ ᠰᠠᠢ᠌ᠳ᠋ᠤᠷ ᠬᠢᠨ᠎ᠠ ᠭᠡᠵᠡᠢ᠃
ᠰᠠᠭᠤᠳ᠋ᠠᠯ ᠤᠨ ᠬᠤᠷᠠᠯ ᠳᠡᠭᠡᠷ᠎ᠠ᠂ ᠬᠤᠰᠢ᠍ᠭᠤᠨ ᠤ ᠰᠤᠶᠤᠯ ᠪᠠ ᠵᠢᠭᠤᠯᠴᠢ᠍ᠯᠠᠯ ᠤᠨ ᠲᠤᠪᠴᠢ᠍ᠶ᠎ᠠ ᠶᠢᠨ ᠬᠠᠷᠢ᠍ᠭᠤᠴᠠᠯᠭᠠᠳ᠋ᠠᠨ ᠡᠴᠡ ᠮᠠᠨ ᠤ ᠬᠤᠰᠢ᠍ᠭᠤᠨ ᠤ 《ᠪᠦᠬᠦᠳ᠋ᠡ ᠨᠠᠢ᠌ᠷᠠᠮᠳ᠋ᠠᠬᠤ ᠳᠤᠮᠳ᠋ᠠᠳ᠋ᠤ ᠠᠷᠠᠳ ᠤᠯᠤᠰ ᠤᠨ ᠪᠤᠳ᠋ᠠᠰ ᠤᠨ ᠪᠤᠰᠤ ᠰᠤᠶᠤᠯ ᠤᠨ ᠦᠪ ᠤᠨ ᠬᠠᠤᠯᠢ》᠊ ᠶᠢ ᠲᠤᠭᠤᠰᠢ᠍ᠯᠠᠭᠤᠯᠤᠨ ᠬᠡᠷᠡᠭ᠍ᠵᠢ᠍ᠭᠦᠯᠦᠭ᠍ᠰᠡᠨ ᠪᠠᠢ᠌ᠳ᠋ᠠᠯ ᠢ ᠬᠠᠷᠢ᠍ᠭᠤ ᠮᠡᠳ᠋ᠡᠭᠦᠯᠵᠦ᠂ ᠬᠤᠷᠠᠯ ᠳᠤ ᠤᠷᠤᠯᠴᠠᠭᠰᠠᠳ ᠡᠴᠡ ᠪᠤᠳ᠋ᠠᠰ ᠤᠨ ᠪᠤᠰᠤ ᠰᠤᠶᠤᠯ ᠤᠨ ᠦᠪ ᠢ ᠣᠯᠠᠮᠵᠢ᠍ᠯᠠᠨ ᠬᠠᠮᠠᠭᠠᠯᠠᠬᠤ ᠲᠤᠬᠠᠢ ᠰᠠᠢ᠌ᠨ ᠰᠠᠨᠠᠯ ᠰᠠᠨᠠᠭᠤᠯᠭ᠎ᠠ ᠳᠤᠷᠠᠳ᠋ᠤᠭᠰᠠᠨ ᠪᠠᠢ᠌ᠨ᠎ᠠ᠃ (ᠳᠠᠯᠠᠢ)