ᠰᠢ᠍ᠶᠠᠩᠱᠠᠨ ᠪᠠᠯᠭᠠᠰᠤ ᠶᠢᠨ ᠠᠷᠠᠳ ᠤᠨ ᠲᠦ᠋ᠯᠦᠭᠡᠯᠡᠭ᠍ᠴᠢ᠍ᠳ ᠡᠴᠡ ᠬᠠᠤᠯᠢ ᠲᠦ᠋ᠭᠡᠮᠡᠯᠵᠢ᠍ᠬᠦᠯᠬᠦ ᠤᠬᠠᠭᠤᠯᠭ᠎ᠠ ᠶᠢᠨ ᠬᠦᠳ᠋ᠡᠯᠭᠡᠭᠡᠨ ᠳᠤ ᠤᠷᠤᠯᠴᠠᠭᠰᠠᠨ ᠨᠢ
4ᠰᠠᠷ᠎ᠠ ᠶᠢᠨ29᠊ ᠤ ᠡᠳ᠋ᠦᠷ᠂ ᠰᠢ᠍ᠶᠠᠩᠱᠠᠨ ᠪᠠᠯᠭᠠᠰᠤ ᠬᠡᠰᠡᠭ᠌ ᠠᠷᠠᠳ ᠤᠨ ᠲᠦ᠋ᠯᠦᠭᠡᠯᠡᠭ᠍ᠴᠢ᠍ᠳ ᠢ ᠵᠤᠬᠢᠶᠠᠨ ᠪᠠᠢ᠌ᠭᠤᠯᠵᠤ᠂ ᠲᠤᠮᠢ᠍ᠯᠠᠭᠰᠠᠨ ᠰᠠᠯᠪᠦᠷᠢ᠂ ᠬᠠᠤᠯᠢ ᠴᠠᠭᠠᠵᠠ ᠶᠢᠨ ᠰᠠᠯᠪᠤᠷᠢ᠂ ᠬᠠᠷ᠎ᠠ ᠪᠦᠯᠦᠭ᠍ᠲᠡᠨ ᠬᠠᠷᠬᠢᠰ ᠬᠦᠴᠦᠨ ᠢ ᠠᠷᠢ᠍ᠯᠭᠠᠬᠤ ᠠᠯᠪᠠᠨ ᠭᠡᠷ ᠵᠡᠷᠭᠡ ᠰᠠᠯᠠᠭ᠎ᠠ ᠮᠦ᠋ᠴᠢ᠍ᠷ ᠲᠡᠶ ᠢᠳ᠋ᠡᠪᠬᠢᠲᠠᠢ ᠬᠠᠮᠵᠢ᠍ᠯᠴᠠᠨ᠂ ᠵᠡᠭᠡᠯᠢ ᠭᠤᠳ᠋ᠤᠮᠵᠢ ᠳᠤ ᠭᠠᠷᠴᠤ᠂ ᠬᠠᠤᠯᠢ ᠲᠦ᠋ᠭᠡᠮᠡᠯᠵᠢ᠍ᠬᠦᠯᠬᠦ ᠭᠤᠤᠯ ᠰᠡᠳ᠋ᠦᠪᠳ᠋ᠤ ᠤᠬᠠᠭᠤᠯᠭ᠎ᠠ ᠶᠢᠨ ᠬᠦᠳ᠋ᠡᠯᠭᠡᠭᠡᠨ ᠳᠤ ᠤᠷᠤᠯᠴᠠᠭᠰᠠᠨ ᠪᠠᠢ᠌ᠨ᠎ᠠ᠃

ᠬᠦᠳ᠋ᠡᠯᠭᠡᠭᠡᠨ ᠦ ᠲᠤᠬᠠᠢ ᠶᠢᠨ ᠲᠠᠯᠠᠪᠤᠷ ᠲᠤ᠂ ᠲᠦ᠋ᠯᠦᠭᠡᠯᠡᠭ᠍ᠴᠢ᠍ᠳ ᠡᠴᠡ ᠤᠯᠡᠨ ᠲᠦ᠋ᠮᠡᠨ ᠳᠤ ᠦᠨᠳ᠋ᠦᠰᠦᠨ ᠬᠠᠤᠯᠢ ᠶᠢᠨ ᠭᠠᠷ ᠳᠡᠪᠲᠡᠷ ᠪᠤᠯᠤᠨ ᠤᠷᠴᠢ᠍ᠨ ᠲᠤᠭᠤᠷᠢ᠍ᠨ ᠤ ᠬᠠᠮᠠᠭᠠᠯᠠᠯᠳ᠋ᠡ᠂ ᠬᠠᠷ᠎ᠠ ᠪᠦᠯᠦᠭ᠍ᠲᠡᠨ ᠬᠠᠷᠬᠢᠰ ᠬᠦᠴᠦᠨ ᠢ ᠠᠷᠢ᠍ᠯᠭᠠᠬᠤ ᠵᠡᠷᠭᠡ ᠬᠠᠮᠢ᠍ᠶ᠎ᠠ ᠪᠦᠬᠦᠢ ᠬᠠᠤᠯᠢ ᠴᠠᠭᠠᠵᠨ ᠶᠢᠨ ᠤᠬᠠᠭᠤᠯᠭ᠎ᠠ ᠶᠢᠨ ᠬᠠᠭᠤᠳ᠋ᠠᠰᠤ᠂ ᠮᠡᠳ᠋ᠡᠯᠭᠡ ᠶᠢᠨ ᠺᠠᠷᠲ ᠲᠠᠷᠬᠠᠭᠠᠨ᠂ ᠤᠯᠡᠨ ᠲᠦ᠋ᠮᠡᠨ ᠢ ᠳᠠᠢ᠌ᠴᠢ᠍ᠯᠠᠨ ᠦᠨᠳ᠋ᠦᠰᠦᠨ ᠬᠠᠤᠯᠢ ᠶᠢᠨ ᠤᠬᠠᠮᠰᠠᠷ᠂ ᠬᠠᠤᠯᠢ ᠴᠠᠭᠠᠵᠠ ᠶᠢᠨ ᠤᠬᠠᠮᠰᠠᠷ ᠢ ᠪᠤᠢ ᠪᠤᠯᠭᠠᠵᠤ᠂ ᠬᠠᠤᠯᠢ ᠴᠠᠭᠠᠵᠠ ᠶᠢᠨ ᠰᠤᠷᠤᠯᠴᠠᠯᠭ᠎ᠠ ᠪᠤᠯᠤᠨ ᠤᠬᠠᠭᠤᠯᠭ᠎ᠠ ᠶᠢᠨ ᠬᠦᠳ᠋ᠡᠯᠭᠡᠭᠡᠨ ᠳᠤ ᠢᠳ᠋ᠡᠪᠬᠢᠲᠠᠢ ᠤᠷᠤᠯᠴᠠᠭᠤᠯᠵᠤ ᠪᠠᠢ᠌ᠨ᠎ᠠ᠃ (ᠳᠠᠯᠠᠢ)