ᠤᠳᠤ ᠶᠢᠨ ᠪᠠᠢ᠌ᠷᠢ᠄ ᠦᠨᠳᠤᠰᠤᠨ ᠱᠠᠳᠤᠨ ᠤ ᠠᠵᠢᠯ → ᠠᠷᠤ ᠬᠦᠨᠳ᠋ᠡᠯᠡᠨ ᠪᠠᠯᠭᠠᠰᠤ ᠬᠠᠷᠢᠶᠠᠲᠤ᠁
ᠠᠷᠤ ᠬᠦᠨᠳ᠋ᠡᠯᠡᠨ ᠪᠠᠯᠭᠠᠰᠤ ᠬᠠᠷᠢᠶᠠᠲᠤ ᠤᠷᠤᠨ ᠤ ᠪᠠᠨ ᠠᠷᠠᠳ ᠤᠨ ᠲᠦ᠋ᠯᠦᠭᠡᠯᠡᠭ᠍ᠴᠢ᠍ᠳ ᠢ ᠵᠤᠬᠢᠶᠠᠨ ᠪᠠᠢ᠌ᠭᠤᠯᠵᠤ ᠰᠢ᠍ᠯᠢ᠍ᠩᠭ᠋ᠤᠤᠯ ᠠᠢ᠌ᠮᠠᠭ ᠤᠯᠠᠭᠠᠨᠬᠠᠳ᠋ᠠ ᠬᠤᠳ᠋ᠠ ᠳᠤ ᠬᠦᠷᠴᠤ ᠪᠠᠢ᠌ᠴᠠᠭᠠᠨ ᠦᠵᠡᠵᠤ ᠰᠤᠷᠤᠯᠴᠠᠭᠰᠠᠨ

                    

                   ᠰᠢ ᠵᠢᠨ ᠫᠢᠩ ᠦᠨ ᠰᠢ᠍ᠨ᠎ᠠ ᠴᠠᠭ ᠦᠶ᠎ᠠ ᠶᠢᠨ ᠲᠤᠮᠳ᠋ᠠᠳ᠋ᠤ ᠤᠯᠤᠰ ᠤᠨ ᠤᠨᠴᠠᠯᠢ᠍ᠭ ᠲᠡᠶ ᠨᠡᠢ᠌ᠭᠡᠮ ᠵᠢᠷᠤᠮ ᠤᠨ ᠦᠵᠡᠯ ᠰᠠᠨᠠᠭ᠎ᠠ ᠪᠤᠯᠤᠨ ᠰᠢ ᠵᠢᠨ ᠫᠢᠩ ᠶᠡᠷᠦᠩᠭᠡᠢ ᠱᠦ᠋ᠵᠢ ᠶᠢᠨ ᠲᠤᠷᠠᠳ᠋ᠤᠭᠰᠠᠨ《ᠠᠮᠢ ᠠᠬᠤᠢ ᠶᠢ ᠲᠡᠷᠢ᠍ᠬᠦᠨ ᠪᠠᠢ᠌ᠷᠢ᠍ᠨ ᠳᠤ ᠲᠠᠯᠪᠢᠵᠤ᠂ ᠪᠤᠬᠢᠷᠳ᠋ᠤᠯ ᠦᠭᠡᠶ ᠬᠦᠭ᠍ᠵᠢ᠍ᠯᠳ᠋ᠡ ᠶᠢ ᠪᠠᠷᠢ᠍ᠮᠳ᠋ᠠᠯᠠᠬᠤ》 ᠴᠢ᠍ᠬᠤᠯᠨ ᠶᠠᠷᠢ᠍ᠶᠠᠨ ᠤ ᠵᠤᠷᠢ᠍ᠭ ᠰᠠᠨᠠᠭ᠎ᠠ ᠶᠢ ᠭᠦᠨᠵᠡᠭᠡᠢ ᠲᠤᠭᠤᠰᠢ᠍ᠯᠠᠭᠤᠯᠵᠤ᠂ ᠮᠠᠯᠵᠢ᠍ᠬᠤ ᠤᠷᠤᠨ ᠤ ᠭᠦᠭ᠍ᠵᠢ᠍ᠯᠳ᠋ᠡ ᠶᠢᠨ ᠠᠵᠢ᠍ᠯ ᠤᠨ ᠰᠡᠳᠬᠢᠴᠡ ᠪᠠ ᠠᠷᠭ᠎ᠠ ᠠᠪᠴᠠᠯ ᠤᠨ ᠰᠢ᠍ᠨ᠎ᠠ ᠶᠢ ᠡᠭᠦᠳ᠋ᠦᠨ᠂ ᠪᠦᠬᠦ ᠪᠠᠯᠭᠠᠰᠤ ᠶᠢᠨ ᠬᠦᠳ᠋ᠡᠭᠡ ᠲᠤᠰᠬᠤᠨ ᠢ ᠭᠦᠭ᠍ᠵᠢ᠍ᠭᠦᠯᠦᠨ ᠮᠠᠨᠳ᠋ᠤᠭᠤᠯᠬᠤ᠂ ᠶᠠᠳ᠋ᠠᠭᠤ ᠡᠴᠡ ᠠᠩᠬᠢᠵᠢ᠍ᠷᠠᠭᠤᠯᠬᠤ ᠪᠤᠭᠤᠮᠳ᠋ᠠ ᠰᠢ᠍ᠪᠲᠤᠯᠬᠤ᠂ ᠤᠳ᠋ᠤ ᠦᠶ᠎ᠠ ᠶᠢᠨ ᠮᠠᠯ ᠠᠵᠤ ᠠᠬᠤᠢ ᠶᠢᠨ ᠦᠢ᠍ᠯᠡᠰ ᠦᠨ ᠦᠷᠬᠦᠯᠵᠢ᠍ᠯᠡᠨ ᠭᠦᠭ᠍ᠵᠢ᠍ᠯᠳ᠋ᠡ ᠳᠤ ᠬᠦᠴᠦᠨ ᠨᠡᠮᠡᠷᠢ᠍ᠯᠡᠵᠤ᠂ ᠦᠪᠡᠷᠳ᠋ᠡᠭᠡᠨ ᠵᠠᠰᠠᠬᠤ ᠤᠷᠤᠨ ᠤ ᠨᠠᠮ ᠤᠨ ᠬᠤᠷᠢ᠍ᠶᠠᠨ ᠤ ᠪᠠᠢ᠌ᠩᠭ᠋ᠤ ᠶᠢᠨ ᠬᠡᠰᠢ᠍ᠬᠦᠨ᠂ ᠲᠦ᠋ᠩᠯᠢ᠍ᠶ‍ᠣᠣ ᠬᠤᠳ᠋ᠠ ᠶᠢᠨ ᠨᠠᠮ ᠤᠨ ᠬᠤᠷᠢ᠍ᠶᠠᠨ ᠤ ᠱᠦ᠋ᠵᠢ ᠯᠢ ᠵᠢᠶ‍ᠸ ᠰᠢ᠍ᠶᠠᠩ ᠨᠦ᠋ᠬᠦᠷ ᠦᠨ ᠮᠠᠨ ᠤ ᠬᠤᠰᠢ᠍ᠭᠤᠨ ᠳᠤ ᠪᠠᠢ᠌ᠴᠠᠭᠠᠨ ᠰᠤᠳ᠋ᠤᠯᠬᠤ ᠦᠶ᠎ᠠ ᠶᠢᠨ ᠵᠢᠭᠠᠪᠤᠷᠢ ᠶᠢᠨ ᠵᠤᠷᠢ᠍ᠭ ᠰᠠᠨᠠᠭ᠎ᠠ ᠵᠢᠴᠢ ᠬᠤᠰᠢ᠍ᠭᠤᠨ ᠤ ᠨᠠᠮ ᠤᠨ ᠬᠤᠷᠢ᠍ᠶᠠᠨ ᠤ ᠱᠦ᠋ᠵᠢ ᠪᠠᠢ ᠯᠢ ᠵᠤ ᠨᠦ᠋ᠭᠦᠷ ᠪᠤᠯᠤᠨ ᠬᠤᠰᠢ᠍ᠭᠤᠨ ᠤ ᠨᠠᠮ ᠤᠨ ᠬᠤᠷᠢ᠍ᠶᠠᠨ ᠤ ᠳᠡᠳ᠋ ᠱᠦ᠋ᠵᠢ᠂ ᠬᠤᠰᠢ᠍ᠭᠤᠨ ᠳᠠᠷᠤᠭ᠎ᠠ ᠡᠷᠳ᠋ᠡᠨᠢ᠍ᠭᠦᠦ ᠨᠦ᠋ᠭᠦᠷ ᠶᠢᠨ ᠠᠷᠤ ᠬᠦᠨᠳ᠋ᠡᠯᠡᠨ ᠪᠠᠯᠭᠠᠰᠤᠨ ᠳᠤ ᠪᠠᠢ᠌ᠴᠠᠭᠠᠨ ᠰᠤᠳ᠋ᠤᠯᠤᠯᠳ᠋ᠡ ᠬᠢᠬᠦ ᠳᠤ ᠲᠤᠷᠠᠳ᠋ᠤᠭᠰᠠᠨ ᠱᠠᠭᠠᠷᠳ᠋ᠠᠯᠭ᠎ᠠ ᠪᠤᠯᠤᠨ ᠵᠢᠭᠠᠪᠤᠷᠢ ᠶᠢᠨ ᠵᠤᠷᠢ᠍ᠭ ᠰᠠᠨᠠᠭ᠎ᠠ ᠪᠠ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠵᠢᠯ ᠦᠨ ᠠᠵᠢ᠍ᠯ ᠤᠨ ᠲᠤᠬᠢᠷᠠᠭᠤᠯᠤᠯᠳ᠋ᠡ ᠶᠤᠰᠤᠭᠠᠷ᠂5 ᠰᠠᠷ᠎ᠠ ᠶᠢᠨ6᠊ ᠤ ᠡᠳ᠋ᠦᠷ ᠡᠴᠡ9᠊ ᠤ ᠡᠳ᠋ᠦᠷ ᠪᠤᠯᠳ᠋ᠠᠯ᠎ᠠ᠂ ᠠᠷᠤ ᠬᠦᠨᠳ᠋ᠡᠯᠡᠨ ᠪᠠᠯᠭᠠᠰᠤ ᠶᠢᠨ ᠨᠠᠮ ᠤᠨ ᠬᠤᠷᠢ᠍ᠶᠠᠨ ᠤ ᠬᠡᠰᠢ᠍ᠬᠦᠨ᠂ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠲᠡᠷᠢ᠍ᠬᠦᠯᠡᠭ᠍ᠴᠢ ᠬᠢᠴᠢ᠍ᠶᠠᠯᠳ᠋ᠤ ᠬᠠᠷᠢ᠍ᠶᠠᠳ᠋ᠤ ᠤᠷᠤᠨ ᠤ ᠪᠠᠨ ᠬᠡᠰᠡᠭ᠌ ᠠᠷᠠᠳ ᠤᠨ ᠲᠦ᠋ᠯᠦᠭᠡᠯᠡᠭ᠍ᠴᠢ᠍ᠳ ᠪᠤᠯᠤᠨ ᠲᠡᠵᠢ᠍ᠭᠡᠪᠦᠷᠢ ᠶᠢᠨ ᠲᠤᠮᠤ ᠡᠷᠦᠭᠡ ᠵᠡᠷᠭᠡ10 ᠬᠦᠮᠦᠨ ᠶᠢᠡᠷ ᠪᠦᠷᠢ᠍ᠯᠳ᠋ᠦᠭ᠍ᠰᠡᠨ ᠪᠠᠢ᠌ᠴᠠᠭᠠᠨ ᠦᠵᠡᠬᠦ ᠪᠦᠯᠬᠦᠮᠰᠢ᠍ᠯᠢ᠍ᠩᠭ᠋ᠤᠤᠯ ᠠᠢ᠌ᠮᠠᠭ ᠤᠯᠠᠭᠠᠨᠬᠠᠳ᠋ᠠ ᠬᠤᠳ᠋ᠠ ᠳᠤ ᠬᠦᠷᠴᠤ ᠤᠳ᠋ᠤ ᠦᠶ᠎ᠠ ᠶᠢᠨ ᠮᠠᠯ ᠠᠵᠤ ᠠᠬᠤᠢ ᠡᠪᠡᠰᠦ ᠪᠤᠷᠳ᠋ᠤᠭᠠᠨ ᠤ ᠦᠢ᠍ᠯᠡᠰ᠂ ᠮᠤᠷᠢ᠍ᠨ ᠤ ᠰᠠᠭᠠᠯᠢ ᠶᠢᠨ ᠦᠢ᠍ᠯᠡᠰ᠂ ᠬᠤᠷᠰᠢ᠍ᠶᠠᠵᠢ᠍ᠯ ᠡᠴᠡ ᠶᠠᠳ᠋ᠠᠭᠤ ᠬᠦᠴᠢ᠍ᠷᠳ᠋ᠡᠯᠳ᠋ᠡᠢ ᠡᠷᠦᠬᠡ ᠶᠢ ᠳᠠᠭᠠᠭᠤᠯᠬᠤ᠂ ᠮᠢ᠍ᠬᠠᠨ ᠦᠭᠡᠷ ᠢ ᠳᠡᠵᠢ᠍ᠭᠡᠨ ᠪᠤᠷᠳ᠋ᠤᠬᠤ ᠵᠢᠴᠢ ᠬᠠᠮᠢ᠍ᠶ᠎ᠠ ᠪᠦᠬᠦᠢ ᠠᠵᠤ ᠦᠢ᠍ᠯᠡᠰ ᠦᠨ ᠭᠦᠭ᠍ᠵᠢ᠍ᠯᠳ᠋ᠡ ᠵᠡᠷᠭᠡ ᠬᠢᠷᠢ ᠪᠦᠲᠦᠮᠵᠢ ᠶᠢᠨ ᠠᠷᠭ᠎ᠠ ᠲᠤᠷᠰᠢ᠍ᠯᠭ᠎ᠠ ᠶᠢ ᠪᠠᠢ᠌ᠴᠠᠭᠠᠨ ᠦᠵᠡᠵᠤ ᠰᠤᠷᠤᠯᠴᠠᠭᠰᠠᠨ ᠪᠠᠢ᠌ᠨ᠎ᠠ᠃

                     
                            ᠰᠢ᠍ᠯᠢ᠍ᠨᠬᠤᠳ᠋ᠡ ᠶᠢᠨ ᠮᠤᠤ ᠳ᠋ᠧᠩ ᠮᠠᠯᠵᠢ᠍ᠯ ᠦᠨ ᠲᠠᠯᠠᠪᠠᠢ ᠳᠤ ᠦᠪᠦᠷ ᠮᠤᠩᠭ᠋ᠤᠯ ᠤᠨ ᠡᠪᠡᠰᠦᠨ ᠬᠤᠳ᠋ᠡ ᠡᠪᠡᠰᠦ ᠮᠠᠯᠵᠢ᠍ᠯ ᠤᠨ ᠦᠢ᠍ᠯᠡᠰ ᠦᠨ ᠬᠤᠪᠢ ᠤᠷᠤᠭᠤᠯᠤᠭᠰᠠᠨ ᠬᠢᠵᠠᠭᠠᠷᠳ᠋ᠤ ᠺᠤᠮᠫᠠᠨᠢ ᠪᠤᠯᠤᠨ ᠮᠤᠷᠢ ᠲᠡᠵᠢ᠍ᠭᠡᠬᠦ ᠬᠤᠷᠰᠢ᠍ᠶᠠᠵᠢ᠍ᠯ ᠢ ᠲᠤᠭᠤᠷᠢ᠍ᠨ ᠦᠵᠡᠵᠤ᠂ ᠰᠢ ᠵᠢᠨ ᠫᠢᠩ ᠶᠡᠷᠦᠩᠭᠡᠢ ᠱᠦ᠋ᠵᠢ ᠶᠢᠨ ᠮᠠᠭᠲᠡᠭᠰᠠᠨ ᠡᠪᠡᠰᠦ ᠪᠤᠷᠳ᠋ᠤᠭᠠᠨ ᠤ ᠦᠢ᠍ᠯᠡᠳᠬᠦᠨ ᠪᠤᠯᠤᠨ ᠪᠠᠢ᠌ᠭᠠᠯᠢ᠍ᠭ ᠡᠪᠡᠰᠦ ᠶᠢ ᠬᠡᠷᠬᠢᠨ ᠦᠢ᠍ᠯᠡᠳᠪᠦᠷᠢ᠍ᠯᠡᠵᠤ ᠬᠢᠪᠡᠯ ᠨᠡᠩ ᠰᠠᠢ᠌ᠨ ᠶᠢᠡᠷ ᠠᠮᠢ ᠠᠬᠤᠢ ᠶᠢ ᠬᠠᠮᠠᠭᠠᠯᠠᠬᠤ ᠳᠤ ᠠᠰᠢ᠍ᠭᠳ᠋ᠠᠢ ᠪᠠᠢ᠌ᠬᠤ᠂ ᠮᠠᠯᠴᠢ᠍ᠨ ᠲᠠᠷᠢ᠍ᠶᠠᠴᠢ᠍ᠳ ᠤᠨ ᠤᠷᠤᠯᠭ᠎ᠠ ᠶᠢ ᠨᠡᠮᠡᠭ᠍ᠳ᠋ᠡᠬᠦᠯᠬᠦ ᠬᠤᠤᠰ ᠢᠯᠡᠯᠳ᠋ᠡ ᠶᠢ ᠤᠯᠬᠤ ᠬᠡᠯᠪᠡᠷᠢ ᠶᠢᠨ ᠲᠤᠬᠠᠢ ᠭᠦᠨᠵᠡᠭᠡᠢ ᠤᠢ᠌ᠯᠠᠭᠠᠬᠤ ᠶᠢᠨ ᠬᠠᠮᠳ᠋ᠤ ᠮᠤᠷᠢ᠍ᠨ ᠤ ᠰᠠᠭᠠᠯᠢ ᠶᠢᠨ ᠮᠡᠷᠭᠡᠵᠢ᠍ᠯ᠂ ᠮᠤᠷᠢ ᠲᠡᠵᠢ᠍ᠭᠡᠬᠦ ᠶᠢᠨ ᠠᠵᠤ ᠠᠬᠤᠢ ᠶᠢᠨ ᠠᠰᠢ᠍ᠭ ᠤᠷᠤᠯᠭ᠎ᠠ ᠶᠢ ᠳᠡᠭᠡᠭ᠍ᠰᠢ᠍ᠯᠡᠬᠦᠯᠬᠦ ᠲᠤᠬᠠᠢ ᠰᠤᠷᠤᠯᠴᠠᠭᠰᠠᠨ ᠪᠠᠢ᠌ᠨ᠎ᠠ᠃

                     
                          ᠠᠪᠠᠭ᠎ᠠ ᠬᠤᠰᠢ᠍ᠭᠤᠨ ᠳᠤ᠂ ᠪᠠᠢ᠌ᠴᠠᠭᠠᠨ ᠰᠤᠷᠤᠯᠴᠠᠬᠤ ᠪᠦᠯᠬᠦᠮ ᠤᠷᠢ᠍ᠳ ᠬᠤᠵᠢ᠍ᠳ ᠠᠪᠠᠭ᠎ᠠ ᠬᠤᠰᠢ᠍ᠭᠤᠨ ᠤ ᠵᠤᠤ ᠹᠦ ᠠᠷᠠᠯᠵᠢ᠍ᠶ᠎ᠠ ᠬᠤᠳ᠋ᠠᠯᠳ᠋ᠤᠭᠠᠨ ᠤ ᠬᠢᠵᠠᠭᠠᠷᠳ᠋ᠤ ᠺᠤᠮᠫᠠᠨᠢ᠂ ᠪᠢᠯᠢ᠍ᠭ᠍ᠳ᠋ᠦ ᠳᠡᠵᠢ᠍ᠭᠡᠪᠦᠷᠢ ᠶᠢᠨ ᠬᠤᠷᠰᠢ᠍ᠶᠠᠵᠢ᠍ᠯ ᠵᠡᠷᠭᠡ ᠭᠠᠵᠠᠷ ᠲᠤ ᠬᠦᠷᠴᠤ᠂ ᠲᠤᠬᠠᠢ ᠶᠢᠨ ᠭᠠᠵᠠᠷ ᠤᠨ ᠾᠧᠢ ᠮᠠ ᠡᠭᠡᠳ᠋ᠡᠭ᠍ᠰᠡᠨ ᠮᠤᠷᠢ᠍ᠨ ᠤ ᠰᠦ᠋ (ᠴᠡᠭᠡ) ᠰᠢ᠍ᠷᠢ᠍ᠰ ᠪᠦᠳ᠋ᠦᠭᠡᠭ᠍ᠳ᠋ᠡᠬᠦᠨ ᠦ ᠰᠤᠳ᠋ᠤᠯᠤᠯᠳ᠋ᠡ᠂ ᠦᠢ᠍ᠯᠡᠳᠪᠦᠷᠢ᠍ᠯᠡᠯ᠂ ᠪᠤᠷᠤᠯᠠᠭᠤᠯᠤᠯᠳ᠋ᠡ᠂ ᠨᠡᠷ᠎ᠠ ᠲᠡᠮᠳ᠋ᠡᠭ᠌ ᠶᠢᠨ ᠤᠬᠠᠭᠤᠯᠭ᠎ᠠ ᠵᠡᠷᠭᠡ ᠪᠠᠢ᠌ᠳ᠋ᠠᠯ ᠢ ᠨᠠᠷᠢ᠍ᠯᠢ᠍ᠭ ᠤᠢ᠌ᠯᠠᠭᠠᠭᠰᠠᠨ ᠪᠠᠢ᠌ᠨ᠎ᠠ᠃ ᠤᠳ᠋ᠤ ᠦᠶ᠎ᠠ ᠶᠢᠨ ᠮᠠᠯᠵᠢ᠍ᠯ ᠤᠨ ᠦᠢ᠍ᠯᠡᠰ ᠦᠨ ᠭᠦᠭ᠍ᠵᠢ᠍ᠯᠳ᠋ᠡ ᠶᠢᠨ ᠠᠷᠭ᠎ᠠ ᠠᠪᠴᠠᠯ ᠨᠢ ᠪᠠᠢ᠌ᠴᠠᠭᠠᠬᠤ ᠪᠦᠯᠬᠦᠮ ᠤᠨ ᠬᠡᠰᠢ᠍ᠬᠦᠳ ᠲᠤ ᠭᠦᠨᠵᠡᠭᠡᠢ ᠰᠡᠳ᠋ᠡᠯᠳ᠋ᠡ ᠦᠭ‍ᠬᠦᠭ᠍ᠰᠡᠨ ᠪᠠᠢ᠌ᠨ᠎ᠠ᠃

                                       

                    

                  ᠰᠦᠨᠢᠳ ᠵᠡᠬᠦᠨ ᠬᠤᠰᠢ᠍ᠭᠤᠨ ᠳᠤ᠂ ᠨᠠᠮ ᠤᠨ ᠬᠡᠰᠢ᠍ᠬᠦᠨ ᠦ ᠭᠤᠤᠯᠳ᠋ᠠᠯᠭᠠᠳ᠋ᠤ ᠡᠷᠦᠭᠡ ᠭᠠᠩ ᠵᠤᠷᠢ᠍ᠭ ᠤᠨ ᠰᠢ᠍ᠮᠡᠳ᠋ᠤ ᠮᠠᠯ ᠲᠡᠵᠢ᠍ᠭᠡᠪᠦᠷᠢ ᠶᠢᠨ ᠲᠤᠰᠬᠠᠢ ᠬᠤᠷᠰᠢ᠍ᠶᠠᠵᠢ᠍ᠯ ᠢ ᠲᠤᠭᠤᠷᠢ᠍ᠨ ᠦᠵᠡᠵᠤ᠂ ᠶᠠᠳ᠋ᠠᠭᠤ ᠬᠦᠴᠢ᠍ᠷᠳ᠋ᠡᠯᠳ᠋ᠡᠢ ᠡᠷᠦᠭᠡ ᠶᠢ ᠬᠡᠷᠬᠢᠨ ᠬᠦᠳ᠋ᠦᠯᠦᠨ ᠳᠠᠭᠠᠭᠤᠯᠵᠤ ᠤᠷᠤᠯᠭ᠎ᠠ ᠶᠢ ᠨᠢ ᠨᠡᠮᠡᠭ᠍ᠳ᠋ᠡᠬᠦᠯᠬᠦ ᠵᠡᠷᠭᠡ ᠶᠢ ᠰᠤᠷᠤᠯᠴᠠᠭᠰᠠᠨ ᠪᠠᠢ᠌ᠨ᠎ᠠ᠃ ᠪᠠᠢ᠌ᠴᠠᠭᠠᠬᠤ ᠪᠦᠯᠬᠦᠮ ᠡᠴᠡ ᠰᠦ᠋ᠨᠢ᠍ᠳ ᠵᠠᠬᠦᠨ ᠬᠤᠰᠢ᠍ᠭᠤ ᠶᠢᠨ ᠳᠠᠯᠠᠢ ᠰᠤᠮᠤ ᠶᠢᠨ ᠨᠠᠮ ᠤᠨ ᠬᠤᠷᠢ᠍ᠶᠠᠨ ᠤ ᠳᠡᠳ᠋ ᠱᠦ᠋ᠵᠢ ᠬᠤᠷᠴᠠ ᠶᠢᠨ ᠬᠤᠷᠰᠢ᠍ᠶᠠᠵᠢ᠍ᠯ ᠤᠨ ᠲᠤᠬᠠᠢ ᠦᠨᠳ᠋ᠦᠰᠦᠨ ᠪᠠᠢ᠌ᠳ᠋ᠠᠯ ᠤᠨ ᠲᠠᠢ᠌ᠯᠪᠦᠷᠢ᠍ᠯᠡᠯᠳ᠋ᠡ ᠶᠢ ᠰᠤᠨᠤᠰᠪᠠ᠃

                   

                 ᠤᠯᠠᠭᠠᠨᠬᠠᠳ᠋ᠡ ᠬᠤᠳ᠋ᠠ ᠶᠢᠨ ᠠᠷᠤ ᠬᠤᠷᠴᠢ᠍ᠨ ᠬᠤᠰᠢ᠍ᠭᠤ ᠶᠢᠨ ᠵᠢᠭᠠᠰᠤᠲᠠᠢ ᠪᠠᠯᠭᠠᠰᠤᠨ ᠳᠤ ᠠᠷᠤ ᠬᠤᠷᠴᠢ᠍ᠨ ᠤ ᠲᠢ᠍ᠶᠠᠨ ᠳᠠᠩ ᠲᠠᠯ᠎ᠠ ᠨᠤᠲᠤᠭ ᠤᠨ ᠮᠠᠯᠵᠢ᠍ᠬᠤ ᠲᠠᠷᠢ᠍ᠶᠠᠯᠠᠬᠤ ᠦᠢ᠍ᠯᠡᠰ ᠦᠨ ᠬᠤᠷᠰᠢ᠍ᠶᠠᠵᠢ᠍ᠯ᠂ ᠦᠬᠡᠷ ᠲᠡᠵᠢ᠍ᠭᠡᠭ᠍ᠰᠡᠨ ᠲᠤᠮᠤ ᠡᠷᠦᠭᠡ ᠲᠡᠭ᠍ᠰᠢ᠍ᠪᠠᠶᠠᠷ ᠪᠤᠯᠤᠨ ᠲᠦ᠋ᠷᠢ᠍ᠮᠠᠨᠳ᠋ᠠᠬᠤ ᠶᠢᠨ ᠭᠡᠷ ᠪᠦᠯᠢ ᠶᠢᠨ ᠮᠠᠯᠵᠢ᠍ᠯ ᠤᠨ ᠲᠠᠯᠠᠪᠠᠢ᠂ ᠪᠤᠯᠵᠤᠭ᠎ᠠ ᠭᠠᠴᠠᠭ᠎ᠠ ᠶᠢᠨ ᠬᠠᠮᠳ᠋ᠤ ᠶᠢᠨ ᠠᠵᠤ ᠠᠬᠤᠢ ᠶᠢᠨ ᠤᠷᠭᠠᠨᠢ᠍ᠭ ᠤᠰᠤᠨ ᠳᠤᠲᠤᠷᠭ᠎ᠠ ᠲᠠᠷᠢ᠍ᠵᠤ ᠪᠤᠢ᠌ᠵᠢ᠍ᠭᠤᠯᠬᠤ ᠬᠤᠷᠰᠢ᠍ᠶᠠᠵᠢ᠍ᠯ ᠢ ᠲᠤᠭᠤᠷᠢ᠍ᠨ ᠦᠵᠡᠪᠠ᠃

                   

                   ᠬᠦᠷᠦᠭ᠍ᠰᠡᠨ ᠭᠠᠵᠠᠷ ᠪᠤᠯᠭᠠᠨ ᠳᠤ᠂ ᠪᠦᠬᠦᠳ᠋ᠡᠭᠡᠷ ᠢ᠍ᠶ᠍ᠡᠨ ᠬᠢᠨᠠᠭᠠᠮᠠᠢ ᠰᠤᠨᠤᠰᠤᠨ᠂ ᠨᠠᠷᠢ᠍ᠯᠢ᠍ᠭ ᠦᠵᠡᠵᠤ᠂ ᠰᠡᠳᠬᠢᠯ ᠲᠠᠯᠪᠢᠨ ᠰᠤᠷᠤᠯᠴᠠᠵᠤ᠂ ᠤᠳ᠋ᠤ ᠦᠶ᠎ᠠ ᠶᠢᠨ ᠮᠠᠯᠵᠢ᠍ᠯ ᠤᠨ ᠦᠢ᠍ᠯᠡᠰ ᠦᠨ ᠪᠦᠲᠦᠴᠡ ᠶᠢᠨ ᠲᠤᠬᠢᠷᠠᠭᠤᠯᠤᠯᠳ᠋ᠡ ᠶᠢᠨ ᠪᠠᠢ᠌ᠯᠳ᠋ᠤᠬᠤ ᠪᠤᠳ᠋ᠤᠯᠭ᠎ᠠ ᠶᠢᠨ ᠰᠡᠳᠬᠢᠴᠡ ᠶᠢᠨ ᠠᠷᠭ᠎ᠠ ᠠᠪᠴᠠᠯ ᠢ ᠪᠦᠬᠦ ᠲᠠᠯ᠎ᠠ ᠪᠡᠷ ᠤᠢ᠌ᠯᠠᠭᠠᠵᠤ᠂ ᠦᠷ᠎ᠠ ᠪᠦᠲᠦᠮᠵᠢ ᠶᠢ ᠦᠵᠡᠬᠦ᠂ ᠲᠤᠷᠰᠢ᠍ᠯᠭ᠎ᠠ ᠶᠢ ᠠᠰᠠᠭᠤᠬᠤ᠂ ᠠᠷᠭ᠎ᠠ ᠠᠪᠴᠠᠯ ᠢ ᠰᠤᠷᠤᠯᠴᠠᠬᠤ ᠪᠡᠷ ᠲᠠᠮᠵᠢ᠍ᠨ᠂ ᠬᠠᠷᠠᠭ᠎ᠠ ᠰᠡᠳᠬᠢᠴᠡ ᠪᠠᠨ ᠤᠯᠠᠮ ᠨᠢ᠍ᠭᠡ ᠠᠯᠬᠤᠮ ᠦᠷᠭᠡᠳᠭᠡᠭ᠍ᠰᠡᠨ ᠪᠠᠢ᠌ᠨ᠎ᠠ᠃ (ᠳᠠᠯᠠᠢ)



ᠡᠮᠦᠨᠡᠬᠢ᠄ ᠰᠢ᠍ᠶᠠᠩᠱᠠᠨ ᠪᠠᠯᠭᠠᠰᠤ ᠶᠢᠨ ᠠᠷᠠᠳ ᠤᠨ ᠲᠦ᠋ᠯᠦᠭᠡᠯᠡᠭ᠍ᠴᠢ᠍ᠳ ᠡᠴᠡ ᠬᠠᠤᠯᠢ ᠲᠦ᠋ᠭᠡᠮᠡᠯᠵᠢ᠍ᠬᠦᠯᠬᠦ ᠤᠬᠠᠭᠤᠯᠭ᠎ᠠ ᠶᠢᠨ ᠬᠦᠳ᠋ᠡᠯᠭᠡᠭᠡᠨ ᠳᠤ ᠤᠷᠤᠯᠴᠠᠭᠰᠠᠨ ᠨᠢ
ᠳᠠᠷᠠᠭᠠᠬᠢ᠄ ᠬᠤᠩᠬᠠᠳ᠋ᠤ ᠠᠭᠤᠯᠨ ᠪᠠᠯᠭᠠᠰᠤ ᠶᠢᠨ ᠠᠷᠠᠳ ᠤᠨ ᠲᠦ᠋ᠯᠦᠭᠡᠯᠡᠭ᠍ᠴᠢ᠍ᠳ ᠤᠯᠡᠨ ᠲᠦ᠋ᠮᠡᠨ ᠦ ᠲᠤᠮᠳ᠋ᠡ ᠭᠦᠨᠵᠡᠭᠡᠢ᠌ᠷᠡᠵᠤ ᠬᠠᠷ᠎ᠠ ᠪᠦᠯᠦᠭ᠍ᠲᠡᠨ ᠬᠠᠷᠬᠢᠰ ᠬᠦᠴᠦᠨ ᠢ ᠠᠷᠢ᠍ᠯᠭᠠᠬᠤ ᠵᠢᠴᠢ ᠬᠠᠮᠢ᠍ᠶ᠎ᠠ ᠪᠦᠬᠦᠢ ᠬᠠᠤᠯᠢ ᠴᠠᠭᠠᠵᠠ ᠬᠠᠤᠯᠢ ᠲᠦ᠋ᠷᠢ᠍ᠮ ᠦᠨ ᠤᠬᠠᠭᠤᠯᠭ᠎ᠠ ᠶᠢᠨ ᠬᠦᠳ᠋ᠡᠯᠭᠡᠭᠡᠨ ᠦᠷᠨᠢᠭᠦᠯᠦᠭ᠍ᠰᠡᠨ