ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ᠁
ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠡᠷᠬᠢᠯᠡᠭᠴᠢ ᠪᠠᠶᠠᠨᠰᠠᠩ  ᠨᠠᠮ ᠤᠨ ᠪᠠᠢᠭᠤᠯᠤᠯᠳᠠ ᠶᠢᠨ ᠬᠠᠷᠢᠯᠴᠠᠬᠤ ᠴᠡᠭ ᠲᠤ ᠬᠦᠨᠵᠡᠭᠡᠢ᠋ᠷᠡᠨ ᠨᠠᠮ ᠤᠨ ᠪᠠᠢᠭᠤᠯᠤᠯᠳᠠ ᠶᠢᠨ ᠠᠵᠢᠯ ᠳᠤ ᠵᠢᠯᠤᠭᠤᠳᠤᠯᠭ᠎ᠠ ᠪᠡ ᠪᠠᠢᠴᠠᠭᠠᠨ ᠰᠤᠳᠤᠯᠤᠯᠳᠠ ᠬᠢᠭᠰᠡᠡ ᠨᠢ

 

5 ᠰᠠᠷ᠎ᠠ ᠶᠢᠨ 21᠋ ᠤ ᠡᠳᠤᠷ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠡᠷᠬᠢᠯᠡᠭᠴᠢ ᠪᠠᠶᠠᠨᠰᠠᠩ  ᠨᠠᠮ ᠤᠨ ᠪᠠᠢᠭᠤᠯᠤᠯᠳᠠ ᠶᠢᠨ ᠬᠠᠷᠢᠯᠴᠠᠬᠤ ᠴᠡᠭ ᠲᠤ ᠬᠦᠨᠵᠡᠭᠡᠢ᠋ᠷᠡᠨ ᠨᠠᠮ ᠤᠨ ᠪᠠᠢᠭᠤᠯᠤᠯᠳᠠ ᠶᠢᠨ ᠠᠵᠢᠯ ᠳᠤ ᠵᠢᠯᠤᠭᠤᠳᠤᠯᠭ᠎ᠠ ᠪᠡ ᠪᠠᠢᠴᠠᠭᠠᠨ ᠰᠤᠳᠤᠯᠤᠯᠳᠠ ᠬᠢᠪᠡ᠃

ᠪᠠᠶᠠᠨᠰᠠᠩ ᠨᠠᠷ ᠪᠠᠶᠠᠷᠳᠤᠬᠤᠰᠢᠭᠤ ᠪᠠᠯᠭᠠᠰᠤ ᠶᠢᠨ ᠪᠠᠶᠠᠷᠳᠤᠬᠤᠰᠢᠭᠤ ᠭᠠᠴᠠᠭ᠎ᠠ ᠳᠤ ᠬᠦᠷᠴᠤ᠂ ᠪᠠᠯᠭᠠᠰᠤᠨ ᠤ ᠨᠠᠮ ᠤᠨ ᠬᠤᠷᠢᠶ᠎ᠠ ᠶᠢᠨ ᠬᠠᠷᠢᠭᠤᠴᠠᠯᠭᠠᠳᠠᠨ ᠵᠢᠴᠢ ᠭᠠᠴᠠᠭᠠᠨ ᠤ ᠭᠤᠷᠪᠠᠨ ᠵᠦᠪᠯᠡᠯ ᠤᠨ ᠤᠳᠤᠷᠢᠳᠬᠤ ᠪᠠᠭ ᠤᠨ ᠪᠦᠷᠢᠯᠳᠤᠬᠦᠨ ᠭᠡᠰᠢᠬᠦᠤᠨ ᠲᠠᠢ ᠰᠠᠭᠤᠳᠠᠯ ᠤᠨ ᠬᠤᠷᠠᠯ ᠬᠤᠷᠠᠯᠳᠤᠭᠤᠯᠵᠤ᠂ ᠪᠠᠭ ᠤᠨ ᠪᠦᠳᠤᠭᠡᠨ ᠪᠠᠢᠭᠤᠯᠤᠯᠳᠠ᠂ ᠨᠠᠮ ᠤᠨ ᠪᠠᠢᠭᠤᠯᠤᠯᠳᠠ ᠪᠤᠯᠤᠨ ᠨᠠᠮ ᠤᠨ ᠵᠤᠬᠢᠶᠠᠨ ᠪᠠᠢᠭᠤᠯᠤᠯᠳᠠ ᠶᠢᠨ ᠠᠵᠢᠯ ᠳᠤ ᠤᠷᠤᠰᠢᠵᠤ ᠪᠠᠢᠭ᠎ᠠ ᠠᠰᠠᠭᠤᠳᠠᠯ ᠢ ᠬᠦᠨᠵᠡᠭᠡᠢ ᠰᠤᠳᠤᠯᠤᠨ ᠶᠠᠷᠢᠯᠴᠠᠭᠰᠨᠨ ᠪᠠᠢᠨ᠎ᠡ᠃

ᠮᠡᠳᠡᠬᠦᠯᠤᠯᠳᠠ ᠶᠢ ᠰᠤᠨᠤᠰᠤᠭᠰᠨᠨ ᠤ ᠲᠠᠷᠠᠭ᠎ᠠ᠂ ᠡᠷᠬᠢᠯᠡᠭᠴᠢ ᠪᠠᠶᠠᠨᠰᠠᠩ  ᠡᠴᠨ ᠪᠠᠶᠠᠷᠳᠤᠬᠤᠰᠢᠭᠤ ᠭᠠᠴᠠᠭ᠎ᠠ ᠶᠢᠨ ᠨᠠᠮ ᠤᠨ ᠵᠤᠬᠢᠶᠠᠨ ᠪᠠᠢᠭᠤᠯᠤᠯᠳᠠ ᠶᠢᠨ ᠨᠠᠮ ᠢ ᠴᠢᠩᠭ᠋᠎ᠠ ᠴᠡᠭᠴᠡᠯᠡᠬᠦ᠂ ᠶᠠᠳᠠᠭᠤ ᠡᠴᠨ ᠠᠩᠬᠢᠵᠢᠷᠠᠭᠤᠯᠬᠤ ᠪᠠᠬᠢᠯᠡᠯᠳᠠ ᠰᠢᠪᠳᠤᠯᠬᠤ᠂ ᠬᠠᠮᠳᠤ ᠶᠢᠨ ᠠᠵᠤ ᠠᠬᠤᠢ ᠶᠢᠨ ᠪᠤᠵᠠᠭᠠᠢᠷᠠᠯᠳᠠ᠂ ᠬᠠᠷ᠎ᠠ ᠪᠦᠯᠦᠭᠳᠠᠨ ᠬᠠᠷᠬᠢᠰ ᠬᠦᠴᠤᠨ ᠳᠤ ᠴᠤᠬᠢᠯᠳᠠ ᠦᠭᠬᠦ᠂ ᠬᠦᠳᠡᠭᠡ ᠲᠤᠰᠬᠤᠨ ᠤ ᠬᠦᠭᠵᠢᠨ ᠮᠠᠨᠳᠤᠯᠳᠠ ᠶᠢᠨ ᠠᠵᠢᠯ ᠪᠤᠳᠠᠳᠠᠢ ᠠᠮᠵᠢᠯᠳᠠ ᠤᠯᠬᠤ᠂ ᠭᠠᠴᠠᠭ᠎ᠠ ᠲᠤᠰᠬᠤᠨ ᠤ ᠨᠠᠮ ᠤᠨ ᠵᠤᠬᠢᠶᠠᠨ ᠪᠠᠢᠭᠤᠯᠤᠯᠳᠠ ᠶᠢᠨ ᠪᠠᠢᠯᠳᠤᠬᠤ ᠬᠦᠴᠤᠨ ᠢ ᠦᠨᠡᠨᠬᠦ ᠴᠢᠩᠭᠠᠳᠬᠠᠬᠤ᠂ ᠪᠦᠯᠬᠦᠮᠳᠠᠬᠦ᠂ ᠪᠠᠳᠤᠳᠠᠢ ᠠᠵᠢᠯᠯᠠᠬᠤ᠂ᠬᠦᠭᠵᠢᠯᠳᠠ ᠵᠡᠷᠭᠡ ᠲᠠᠯ᠎ᠠ ᠶᠢ ᠭᠡᠷᠬᠢᠨ ᠪᠠᠳᠤᠯᠠᠬᠤ ᠲᠤᠬᠠᠢ ᠵᠢᠯᠤᠭᠤᠳᠤᠯᠭ᠎ᠠ ᠶᠢᠨ ᠴᠢᠨᠠᠷᠳᠠᠢ ᠰᠠᠨᠠᠯ ᠲᠤᠷᠠᠳᠤᠭᠰᠨᠨ ᠪᠠᠢᠨ᠎ᠡ᠃ ᠪᠠᠶᠠᠨᠰᠠᠩ ᠱᠠᠭᠠᠷᠳᠠᠭᠰᠨᠨ ᠨᠢ᠂ ᠦᠨᠳᠤᠰᠤᠨ ᠱᠠᠳᠤᠨ ᠤ ᠨᠠᠮ ᠤᠨ ᠪᠠᠢᠭᠤᠯᠤᠯᠳᠠ ᠶᠢᠨ ᠠᠵᠢᠯ ᠢ ᠤᠯᠠᠮ ᠨᠢᠭᠡ ᠠᠯᠬᠤᠮ ᠴᠢᠩᠭᠠᠳᠬᠠᠵᠤ᠂ ᠡᠯ᠎ᠠ ᠲᠦᠷᠤᠯ ᠤᠨ ᠨᠠᠮ ᠤᠨ ᠲᠤᠳᠤᠭᠠᠳᠤ ᠳ᠋ᠡᠬᠢ ᠵᠤᠬᠢᠶᠠᠨ ᠪᠠᠢᠭᠤᠯᠤᠯᠳᠠ ᠶᠢᠨ ᠠᠮᠢᠳᠤᠷᠠᠯ ᠤᠨ ᠲᠦᠷᠢᠮ ᠢ ᠴᠢᠩᠭ᠋᠎ᠠ ᠨᠠᠢᠳᠠᠪᠤᠷᠢᠵᠢᠭᠤᠯᠤᠨ᠂ ᠦᠠᠳᠤᠰᠤᠨ ᠱᠠᠳᠤᠨ ᠤ ᠲᠠᠩᠰᠠ ᠮᠠᠲ᠋ᠸᠷᠢᠶᠠᠯ ᠢ ᠲᠠᠬᠦᠯᠳᠡᠷᠵᠢᠬᠦᠯᠬᠦ ᠭᠡᠷᠡᠭᠳᠡᠢ᠃ ᠭᠠᠴᠠᠭ᠎ᠠ ᠲᠤᠰᠬᠤᠨ ᠤ ᠭᠤᠷᠪᠠᠨ ᠵᠦᠪᠯᠡᠯ ᠤᠨ ᠤᠳᠤᠷᠢᠳᠬᠤ ᠪᠠᠭ ᠤᠨ ᠪᠦᠳᠤᠭᠡᠨ ᠪᠠᠢᠭᠤᠯᠤᠯᠳᠠ ᠪᠤᠯᠤᠨ ᠨᠠᠮ ᠤᠨ ᠭᠡᠰᠢᠬᠦᠨ ᠤ ᠡᠩᠨᠡᠭᠡ ᠶᠢᠨ ᠪᠦᠳᠤᠭᠡᠨ ᠪᠠᠢᠭᠤᠯᠤᠯᠳᠠ ᠶᠢ ᠴᠢᠩᠭᠠᠳᠬᠠᠵᠤ᠂ ᠦᠨᠳᠤᠰᠤᠨ ᠱᠠᠳᠤᠨ ᠤ ᠨᠠᠮ ᠤᠨ ᠵᠤᠬᠢᠶᠠᠨ ᠪᠠᠢᠭᠤᠯᠤᠯᠳᠠ ᠶᠢᠨ ᠪᠠᠢᠯᠳᠤᠬᠤ ᠪᠠᠬᠢᠯᠡᠯᠳᠠ ᠶᠢᠨ ᠤᠢᠯᠡᠳᠤᠯ ᠢ ᠰᠠᠢᠳᠤᠷ ᠪᠠᠳᠠᠷᠠᠭᠤᠯᠤᠨ᠂ ᠤᠨᠴᠠᠭᠠᠢᠯᠠᠨ ᠨᠠᠮ ᠤᠨ ᠡᠬᠦᠷ ᠤᠨ ᠱᠦᠵᠢ ᠰᠠᠢᠳᠤᠷ ᠲᠠᠭᠤᠷᠢᠶᠠᠯ ᠤᠢᠯᠡᠳᠤᠯ ᠦᠵᠡᠬᠦᠯᠬᠦ ᠭᠡᠷᠡᠭᠳᠡᠢ᠃ ᠮᠠᠯᠴᠢᠨ ᠲᠦᠮᠨᠨ ᠳᠤ ᠤᠢᠯᠡᠴᠢᠯᠡᠬᠦ ᠴᠢᠳᠠᠪᠤᠷᠢ ᠪᠤᠯᠤᠨ ᠬᠢᠷᠢ ᠲᠦᠪᠰᠢᠨ ᠢ ᠲᠠᠭᠡᠭᠰᠢᠯᠡᠬᠦᠯᠵᠤ᠂ ᠤᠯᠠᠨ ᠲᠦᠮᠨᠨ ᠳᠤ ᠰᠠᠢᠨ ᠤᠴᠢᠷ᠂ ᠪᠤᠳᠠᠳᠠᠢ ᠶᠠᠪᠤᠳᠠᠯ ᠬᠢᠬᠦ ᠶᠢ ᠪᠠᠷᠢᠮᠳᠠᠯᠠᠬᠤ ᠭᠡᠷᠡᠭᠳᠡᠢ ᠭᠡᠵᠡᠢ᠃

 

 

ᠡᠮᠦᠨᠡᠬᠢ᠄ ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠵᠣᠣ ᠪᠠᠢ ᠢᠦᠢ ᠮᠠᠨ ᠤ ᠬᠤᠰᠢ᠍ᠭᠤᠨ ᠳᠤ ᠢᠷᠡᠵᠤ ᠠᠵᠢ᠍ᠯ ᠪᠠᠢ᠌ᠴᠠᠭᠠᠭᠰᠠᠨ
ᠳᠠᠷᠠᠭᠠᠬᠢ᠄ ᠬᠤᠳᠠ ᠶᠢᠨ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠴᠠᠭᠠᠨ ᠰᠤᠳᠤᠯᠬᠤ ᠲᠤᠭᠤᠢᠯᠠᠩ ᠮᠠᠨ ᠤ ᠬᠤᠰᠢᠭᠤᠨ ᠳᠤ ᠢᠷᠡᠵᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠠᠵᠢᠯ ᠢ ᠪᠠᠢᠴᠠᠭᠠᠨ ᠰᠤᠳᠤᠯᠵᠤ ᠵᠢᠯᠤᠭᠤᠳᠤᠭᠰᠨᠨ ᠨᠢ