ᠤᠳᠤ ᠶᠢᠨ ᠪᠠᠢ᠌ᠷᠢ᠄ ᠴᠢᠬᠤᠯᠠ ᠮᠡᠳᠡᠭᠡ → ᠪᠠᠶᠠᠨᠰᠠᠡᠭ᠌ ᠡᠴᠡ ᠪᠦᠬᠦ ᠬᠤᠰᠢ᠍ᠭᠤᠨ ᠤ᠁
ᠪᠠᠶᠠᠨᠰᠠᠡᠭ᠌ ᠡᠴᠡ ᠪᠦᠬᠦ ᠬᠤᠰᠢ᠍ᠭᠤᠨ ᠤ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ ᠳᠣᠰᠬᠠᠢ ᠳᠡᠮᠡᠴᠡᠯ ᠤᠨ ᠠᠵᠢ᠍ᠯ ᠢ ᠪᠠᠢ᠌ᠴᠠᠭᠠᠨ ᠰᠣᠳ᠋ᠣᠯᠣᠭᠰᠠᠨ

                

            ᠣᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠶᠢᠨ ᠡᠷᠬᠢᠯᠡᠭ᠍ᠴᠢ ᠪᠠᠶᠠᠨᠰᠠᠡᠭ᠌᠂ ᠳᠡᠳ᠋ ᠡᠷᠬᠢᠯᠡᠭ᠍ᠴᠢ ᠦᠷᠡᠪᠠᠳ᠋ᠣ ᠬᠡᠰᠡᠭ᠌ ᠠᠷᠠᠳ ᠤᠨ ᠳᠦ᠋ᠯᠦᠭᠡᠯᠡᠭ᠍ᠴᠢ᠍ᠳ ᠢ ᠳᠠᠭᠠᠭᠤᠯᠤᠨ ᠪᠦᠬᠦ ᠬᠤᠰᠢ᠍ᠭᠤᠨ ᠤ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ ᠳᠣᠰᠬᠠᠢ ᠳᠦ᠋ᠷᠦᠯ ᠤᠨ ᠳᠡᠮᠡᠴᠡᠯ ᠤᠨ ᠠᠵᠢ᠍ᠯ ᠢ ᠪᠠᠢ᠌ᠴᠠᠭᠠᠨ ᠰᠣᠳ᠋ᠣᠯᠪᠠ᠃ ᠬᠤᠰᠢ᠍ᠭᠤᠨ ᠳᠡᠳ᠋ ᠳᠠᠷᠣᠭ᠎ᠠ᠂ ᠳᠣᠳ᠋ᠣᠭᠠᠳ᠋ᠣ ᠵᠢ ᠬᠠᠮᠠᠭᠠᠯᠠᠬᠤ ᠳᠣᠪᠴᠢ᠍ᠶ᠎ᠠ ᠶᠢᠨ ᠳᠠᠷᠣᠭ᠎ᠠ ᠰᠠᠢ᠌ᠨᠪᠠᠶᠠᠷ ᠵᠢᠴᠢ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠤᠨ ᠬᠠᠷᠢ᠍ᠭᠤᠴᠠᠯᠭᠠᠳ᠋ᠠᠳ ᠪᠠᠢ᠌ᠴᠠᠭᠠᠨ ᠰᠣᠳ᠋ᠣᠯᠬᠣ ᠳ᠋ᠥ ᠤᠷᠤᠯᠴᠠᠭᠰᠠᠨ ᠪᠤᠶᠤ ᠰᠠᠭᠤᠳ᠋ᠠᠯ ᠤᠨ ᠬᠤᠷᠠᠯ ᠳ᠋ᠥ ᠰᠠᠭᠠᠳ᠋ᠠᠪᠠ᠃

              

             ᠪᠠᠶᠠᠨᠰᠠᠡᠭ᠌ ᠨᠡᠷ ᠣᠷᠢ᠍ᠳ ᠬᠤᠵᠢ᠍ᠳ ᠬᠤᠰᠢ᠍ᠭᠤᠨ ᠤ ᠳᠣᠳ᠋ᠣᠭᠠᠳ᠋ᠣ ᠵᠢ ᠬᠠᠮᠠᠭᠠᠯᠠᠬᠤ ᠳᠣᠪᠴᠢ᠍ᠶ᠎ᠠ ᠶᠢᠨ ᠬᠠᠷ᠎ᠠ ᠪᠦᠯᠦᠭ᠍ᠳ᠋ᠡᠨ ᠢ ᠠᠷᠢ᠍ᠯᠭᠠᠬᠤ ᠠᠯᠪᠠᠨ ᠭᠡᠷ᠂ ᠠᠪᠠ ᠶᠢᠨ ᠬᠠᠷᠴᠠᠭᠠᠢ ᠭᠠᠪᠰᠢ᠍ᠭᠠᠢ ᠠᠡᠭ᠍ᠬᠢ᠂ ᠬᠡᠷᠡᠭ᠌ ᠢ ᠰᠣᠳ᠋ᠣᠯᠣᠨ ᠮᠠᠭᠠᠳᠯᠠᠵᠤ ᠵᠢᠯᠣᠭᠤᠳᠬᠤ ᠳᠦ᠋ᠪ᠂ ᠰᠦ᠋ᠪᠡᠭ᠍ᠴᠢ ᠰᠢ᠌ᠳᠪᠦᠷᠢ᠍ᠯᠡᠬᠦ ᠳᠠᠰᠣᠭ᠂ ᠵᠠᠬᠢᠳ᠋ᠠᠯ ᠰᠣᠷᠪᠤᠯᠵᠢ᠍ᠯᠠᠭ᠎ᠠ ᠬᠦᠯᠢ᠍ᠶᠠᠨ ᠠᠪᠬᠤ ᠳᠠᠰᠣᠭ ᠵᠢᠴᠢ ᠬᠤᠰᠢ᠍ᠭᠤᠨ ᠤ ᠠᠷᠠᠳ ᠤᠨ ᠰᠢ᠍ᠬᠦᠬᠦ ᠬᠤᠷᠢ᠍ᠶ᠎ᠠ ᠶᠢᠨ ᠬᠠᠷ᠎ᠠ ᠪᠦᠯᠦᠭ᠍ᠳ᠋ᠡᠨ ᠢ ᠠᠷᠢ᠍ᠯᠭᠠᠬᠤ ᠠᠯᠪᠠᠨ ᠭᠡᠷ᠂ ᠭᠦᠢ᠍ᠴᠡᠳᠭᠡᠬᠦ ᠳᠢ᠍ᠡᠭ᠍ᠬᠢᠮ ᠵᠡᠷᠭᠡ ᠭᠠᠵᠠᠷ ᠲᠣ ᠬᠦᠷᠴᠣ᠂ ᠠᠬᠤᠢ ᠳᠠᠯᠠᠪᠠᠢ ᠶᠢᠨ ᠪᠠᠢ᠌ᠴᠠᠭᠠᠨ ᠰᠣᠳ᠋ᠣᠯᠣᠯᠳ᠋ᠠ᠂ ᠮᠠᠲ᠋ᠸᠷᠢ᠍ᠶᠠᠯ ᠦᠵᠡᠬᠦ᠂ ᠬᠠᠷᠢ᠍ᠭᠤ ᠮᠡᠳ᠋ᠡᠭᠦᠯᠦᠯᠳ᠋ᠡ ᠶᠢ ᠰᠣᠨᠤᠰᠬᠤ ᠵᠡᠷᠭᠡ ᠬᠡᠯᠪᠡᠷᠢ ᠪᠠᠷ ᠳᠠᠮᠵᠢ᠍ᠨ᠂ ᠮᠠᠨ ᠤ ᠬᠤᠰᠢ᠍ᠭᠤᠨ ᠤ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ ᠳᠣᠰᠬᠠᠢ ᠳᠡᠮᠡᠴᠡᠯ ᠢ ᠠᠬᠢᠭᠤᠯᠬᠤ ᠠᠵᠢ᠍ᠯ ᠤᠨ ᠰᠡᠳᠭᠢᠮᠵᠢ᠂ ᠪᠤᠳ᠋ᠠᠳ᠋ᠠᠢ ᠠᠷᠭ᠎ᠠ ᠠᠪᠴᠠᠯ ᠪᠤᠯᠤᠨ ᠱᠠᠳ᠋ᠤᠴᠢ ᠴᠢ᠍ᠨᠠᠷᠳ᠋ᠠᠢ ᠦᠷ᠎ᠠ ᠪᠦᠳ᠋ᠦᠮᠵᠢ ᠵᠢ ᠪᠦᠬᠦ ᠳᠠᠯ᠎ᠠ ᠪᠠᠷ ᠣᠢ᠌ᠯᠭᠠᠨ ᠡᠵᠡᠮᠰᠢ᠍ᠪᠠ᠃

             

         ᠪᠤᠳ᠋ᠠᠳ᠋ᠠᠢ ᠭᠠᠵᠠᠷ ᠤᠨ ᠪᠠᠢ᠌ᠴᠠᠭᠠᠯᠳ᠋ᠠ ᠳᠠᠭᠤᠰᠣᠭᠰᠠᠨ ᠤ ᠳᠠᠷᠠᠭ᠎ᠠ ᠰᠠᠭᠤᠳ᠋ᠠᠯ ᠤᠨ ᠬᠤᠷᠠᠯ ᠬᠤᠷᠠᠯᠳ᠋ᠤᠭᠤᠯᠪᠠ᠃ ᠬᠤᠰᠢ᠍ᠭᠤᠨ ᠤ ᠳᠣᠳ᠋ᠣᠭᠠᠳ᠋ᠣ ᠵᠢ ᠬᠠᠮᠠᠭᠠᠯᠠᠬᠤ ᠳᠣᠪᠴᠢ᠍ᠶ᠎ᠠ᠂ ᠬᠤᠰᠢ᠍ᠭᠤᠨ ᠤ ᠠᠷᠠᠳ ᠤᠨ ᠰᠢ᠍ᠭᠦᠬᠦ ᠬᠤᠷᠢ᠍ᠶ᠎ᠠ᠂ ᠬᠤᠰᠢ᠍ᠭᠤᠨ ᠤ ᠨᠠᠮ ᠤᠨ ᠬᠤᠷᠢ᠍ᠶᠠᠨ ᠤ ᠣᠯᠣᠰ ᠳᠦ᠋ᠷᠦ ᠬᠠᠣᠯᠢ ᠴᠠᠭᠠᠵᠠ ᠶᠢᠨ ᠬᠤᠷᠢ᠍ᠶ᠎ᠠ᠂ ᠬᠤᠰᠢ᠍ᠭᠤᠨ ᠤ ᠬᠠᠣᠯᠢ ᠴᠠᠭᠠᠵᠠ ᠶᠢᠨ ᠳᠣᠪᠴᠢ᠍ᠶ᠎ᠠ᠂ ᠬᠤᠰᠢ᠍ᠭᠤᠨ ᠤ ᠠᠷᠠᠳ ᠤᠨ ᠪᠠᠢ᠌ᠴᠠᠭᠠᠬᠤ ᠬᠤᠷᠢ᠍ᠶ᠎ᠠ ᠶᠢᠨ ᠬᠠᠮᠢ᠍ᠶ᠎ᠠ ᠪᠦᠬᠦᠢ ᠬᠠᠷᠢ᠍ᠭᠤᠴᠠᠯᠭᠠᠳ᠋ᠠᠳ ᠡᠴᠡ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ ᠳᠣᠰᠬᠠᠢ ᠳᠡᠮᠡᠴᠡᠯ ᠤᠨ ᠠᠵᠢ᠍ᠯ ᠦᠷᠨᠢᠭᠦᠯᠦᠭ᠍ᠰᠡᠨ ᠪᠠᠢ᠌ᠳ᠋ᠠᠯ᠂ ᠣᠷᠣᠰᠢ᠍ᠵᠤ ᠪᠠᠢ᠌ᠭ᠎ᠠ ᠠᠰᠠᠭᠤᠳ᠋ᠠᠯ ᠪᠤᠯᠤᠨ ᠳᠠᠷᠠᠭᠠᠴᠢ ᠶᠢᠨ ᠠᠯᠬᠤᠮ ᠤᠨ ᠳᠦ᠋ᠯᠦᠪᠯᠡᠭᠡ ᠵᠡᠷᠭᠡ ᠲᠠᠯ᠎ᠠ ᠪᠡᠷ ᠬᠠᠷᠢ᠍ᠭᠤ ᠮᠡᠳ᠋ᠡᠭᠦᠯᠦᠯᠳ᠋ᠡ ᠬᠢᠪᠠ᠃
              ᠪᠠᠶᠠᠨᠰᠠᠡᠭ᠌ ᠡᠴᠡ ᠪᠦᠬᠦ ᠬᠤᠰᠢ᠍ᠭᠤᠨ ᠤ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ ᠳᠣᠰᠬᠠᠢ ᠳᠡᠮᠡᠴᠡᠯ ᠤᠨ ᠠᠵᠢ᠍ᠯ ᠤᠨ ᠣᠯᠣᠭᠰᠠᠨ ᠦᠷ᠎ᠠ ᠪᠦᠳ᠋ᠦᠮᠵᠢ ᠳ᠋ᠥ ᠭᠦᠢ᠍ᠴᠡᠳ ᠨᠤᠳ᠋ᠠᠯᠠᠯᠳ᠋ᠠ ᠦᠭ᠍ᠬᠦ ᠶᠢᠨ ᠬᠠᠮᠳ᠋ᠣ ᠴᠢ᠍ᠡᠭ᠍ᠭᠠᠳᠬᠠᠭᠰᠠᠨ ᠨᠢ᠂ ᠡᠯ᠎ᠠ ᠭᠠᠵᠠᠷ ᠡᠯ᠎ᠠ ᠰᠠᠯᠠᠭ᠎ᠠ ᠮᠦ᠋ᠴᠢ᠍ᠷ ᠤᠨ ᠬᠢᠨ ᠡᠷᠭᠡᠪᠰᠢ ᠣᠯᠣᠰ ᠳᠦ᠋ᠷᠦ ᠶᠢᠨ ᠵᠣᠭᠰᠣᠴᠠ ᠪᠠᠨ ᠳᠡᠭᠡᠭ᠍ᠰᠢ᠍ᠯᠡᠬᠦᠯᠵᠤ᠂ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ ᠳᠣᠰᠬᠠᠢ ᠳᠡᠮᠡᠴᠡᠯ ᠢ ᠣᠯᠠᠨ ᠲᠦ᠋ᠮᠡᠨᠴᠢ ᠱᠣᠭᠣᠮ ᠲᠡᠶ ᠬᠠᠷᠢ᠍ᠯᠴᠠᠨ ᠣᠶᠠᠯᠳ᠋ᠣᠭᠤᠯᠬᠤ ᠵᠢ ᠪᠠᠷᠢ᠍ᠮᠳ᠋ᠠᠯᠠᠵᠤ᠂ ᠣᠯᠠᠨ ᠳᠦ᠋ᠮᠡᠨ ᠤ ᠳᠣᠰᠬᠠᠭᠰᠠᠨ ᠠᠰᠠᠭᠤᠳ᠋ᠠᠯ ᠢ ᠬᠠᠣᠯᠢ ᠶᠣᠰᠣᠭᠠᠷ ᠭᠤᠤᠯᠳ᠋ᠠᠯᠭ᠎ᠠ ᠲᠡᠶ ᠴᠡᠭᠴᠡᠯᠡᠨ ᠵᠠᠰᠠᠬᠤ ᠬᠡᠷᠡᠭ᠍ᠳ᠋ᠠᠢ᠃ ᠡᠷᠬᠡᠪᠰᠢ ᠤᠬᠠᠭᠤᠯᠭ᠎ᠠ ᠶᠢᠨ ᠬᠦᠴᠦᠯᠡᠴᠡ ᠪᠠᠨ ᠣᠯᠠᠮ ᠨᠢ᠍ᠭᠡ ᠠᠯᠬᠤᠮ ᠨᠡᠮᠡᠭ᠍ᠳ᠋ᠡᠭᠦᠯᠵᠤ᠂ ᠳᠣᠰᠬᠠᠢ ᠳᠡᠮᠡᠴᠡᠯ ᠤᠨ ᠨᠡᠢ᠌ᠭᠡᠮ ᠤᠨ ᠨᠦ᠋ᠯᠦᠭᠡᠯᠡᠯ ᠢ ᠳᠠᠰᠣᠷᠠᠯᠳ᠋ᠠ ᠦᠭᠡᠶ ᠦᠷᠭᠡᠳᠬᠡᠵᠤ᠂ ᠣᠯᠠᠨ ᠳᠦ᠋ᠮᠡᠨ ᠤ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ ᠳᠣᠰᠬᠠᠢ ᠳᠡᠮᠡᠴᠡᠯ ᠳ᠋ᠥ ᠣᠷᠣᠯᠴᠠᠬᠤ ᠢᠳ᠋ᠡᠪᠬᠢᠵᠢ᠍ᠯ ᠢ ᠭᠦᠢ᠍ᠴᠡᠳ ᠳᠠᠢ᠌ᠴᠢ᠍ᠯᠠᠨ᠂ ᠠᠮᠣᠷ ᠲᠦ᠋ᠪᠰᠢ᠍ᠨ ᠳᠣᠭᠳ᠋ᠠᠭᠣᠨ ᠨᠡᠢ᠌ᠭᠡᠮ ᠤᠨ ᠣᠷᠴᠢ᠍ᠨ ᠳᠣᠭᠤᠷᠢ᠍ᠨ ᠢ ᠡᠭᠦᠳᠴᠦ᠂ ᠣᠯᠠᠨ ᠳᠦ᠋ᠮᠡᠨ ᠤ ᠢᠳ᠋ᠡᠪᠬᠢᠳ᠋ᠠᠢ ᠪᠠᠷ ᠢᠯᠡᠴᠢ᠍ᠯᠡᠬᠦ ᠵᠢ ᠵᠤᠷᠢ᠍ᠭᠵᠢ᠍ᠭᠤᠯᠤᠨ᠂ ᠣᠯᠠᠨ ᠳᠦ᠋ᠮᠡᠨ ᠤ 《ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ》 ᠳᠣᠰᠬᠠᠢ ᠳᠡᠮᠡᠴᠡᠯ ᠢ ᠤᠢ᠌ᠯᠠᠭᠠᠬᠤ ᠨᠣᠷᠮ᠎ᠠ ᠪᠤᠯᠤᠨ ᠣᠷᠣᠯᠴᠠᠬᠤ ᠨᠣᠷᠮ᠎ᠠ ᠵᠢ ᠣᠯᠠᠮ ᠨᠢ᠍ᠭᠡ ᠠᠯᠬᠤᠮ ᠳᠡᠭᠡᠭ᠍ᠰᠢ᠍ᠯᠡᠬᠦᠯᠵᠤ᠂ ᠬᠦᠮᠦᠨ ᠪᠦᠬᠦᠨ ᠮᠡᠳ᠋ᠡᠵᠣ᠂ ᠬᠦᠮᠦᠨ ᠪᠦᠬᠦᠨ ᠳᠡᠮᠵᠢ᠍ᠨ᠂ ᠬᠦᠮᠦᠨ ᠪᠦᠬᠦᠨ ᠣᠷᠣᠯᠴᠠᠬᠤ ᠬᠦᠨ ᠵᠤᠵᠠᠭᠠᠨ ᠠᠭᠤᠷ ᠠᠮᠢ᠍ᠰᠬᠤᠯ ᠢ ᠪᠤᠢ ᠪᠤᠯᠭᠠᠬᠤ ᠬᠡᠷᠡᠭ᠍ᠳ᠋ᠠᠢ᠃ ᠺᠠᠲᠷ ᠴᠠᠭᠳ᠋ᠠᠭᠠᠨ ᠤ ᠡᠡᠭ᠍ᠨᠡᠭᠡ ᠶᠢᠨ ᠪᠦᠳ᠋ᠦᠭᠡᠨ ᠪᠠᠢ᠌ᠭᠤᠯᠤᠯᠳ᠋ᠠ ᠵᠢ ᠴᠢ᠍ᠡᠭ᠍ᠭᠠᠳᠬᠠᠨ᠂ ᠣᠯᠣᠰ ᠳᠦ᠋ᠷᠦ ᠬᠠᠣᠯᠢ ᠴᠠᠭᠠᠵᠠ ᠶᠢᠨ ᠡᠡᠭ᠍ᠨᠡᠭᠡ ᠶᠢᠨ ᠡᠭᠦᠳ᠋ᠦᠨ ᠪᠦᠳ᠋ᠦᠭᠡᠬᠦ ᠬᠦᠴᠦᠨ᠂ ᠨᠢ᠍ᠭᠳ᠋ᠠᠷᠠᠯ ᠤᠨ ᠬᠦᠴᠦᠨ᠂ ᠪᠠᠢ᠌ᠯᠳ᠋ᠣᠬᠤ ᠬᠦᠴᠦᠨ ᠢ ᠳᠠᠰᠣᠷᠠᠯᠳ᠋ᠠ ᠦᠭᠡᠶ ᠵᠤᠷᠢ᠍ᠭᠵᠢ᠍ᠭᠤᠯᠬᠤ ᠬᠡᠷᠡᠭ᠍ᠳ᠋ᠠᠢ᠃ ᠬᠦᠴᠦ ᠪᠠᠨ ᠬᠠᠷ᠎ᠠ ᠪᠦᠯᠦᠭ᠍ᠳ᠋ᠡᠨ ᠬᠠᠷᠬᠢᠰ ᠬᠦᠴᠦᠨ ᠢ ᠠᠷᠢ᠍ᠯᠭᠠᠬᠤ ᠡᠨᠡᠬᠦ ᠬᠠᠳ᠋ᠠᠭᠤ ᠳᠠᠢ᠌ᠯᠠᠯᠳ᠋ᠣᠭᠠᠨ ᠤ ᠢᠯᠠᠯᠳ᠋ᠠ ᠵᠢ ᠣᠯᠵᠤ᠂ ᠠᠮᠣᠷ ᠲᠦ᠋ᠪᠰᠢ᠍ᠨ ᠵᠠᠷᠣᠳ ᠢ ᠪᠦᠳ᠋ᠦᠭᠡᠨ ᠪᠠᠢ᠌ᠭᠤᠯᠬᠤ ᠳ᠋ᠥ ᠰᠠᠢ᠌ᠨ ᠰᠠᠢ᠌ᠬᠠᠨ ᠨᠡᠢ᠌ᠭᠡᠮ ᠤᠨ ᠣᠷᠴᠢ᠍ᠨ ᠳᠣᠭᠤᠷᠢ᠍ᠨ ᠢ ᠡᠭᠦᠳᠬᠦ ᠬᠡᠷᠡᠭ᠍ᠳ᠋ᠠᠢ ᠭᠡᠵᠠᠢ᠃ (ᠳᠠᠯᠠᠢ)


 

ᠡᠮᠦᠨᠡᠬᠢ᠄ ᠬᠤᠳᠠ ᠶᠢᠨ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠴᠠᠭᠠᠨ ᠰᠤᠳᠤᠯᠬᠤ ᠲᠤᠭᠤᠢᠯᠠᠩ ᠮᠠᠨ ᠤ ᠬᠤᠰᠢᠭᠤᠨ ᠳᠤ ᠢᠷᠡᠵᠤ ᠨᠡᠢᠭᠡᠮ ᠤᠨ ᠦᠩᠭᠡᠨ ᠭᠡᠷᠡᠭᠯᠡᠭᠡᠨ ᠤ ᠮᠤᠩᠭᠤᠯ ᠬᠢᠳᠠᠳ ᠬᠤᠶᠠᠷ ᠵᠤᠢᠯ ᠤᠨ ᠦᠰᠤᠭ᠌ ᠪᠢᠴᠢᠭ᠌ ᠢ ᠵᠡᠷᠭᠡᠪᠡᠷ ᠭᠡᠷᠡᠭᠯᠡᠬᠦ ᠠᠵᠢᠯ ᠳᠤ ᠪᠠᠢᠴᠠᠭᠠᠨ ᠰᠤᠳᠤᠯᠤᠯᠳᠠ ᠬᠢᠭᠰᠡᠡ ᠨᠢ
ᠳᠠᠷᠠᠭᠠᠬᠢ᠄ ᠬᠤᠳ᠋ᠠ ᠶᠢᠨ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠦᠨᠡᠯᠡᠨ ᠪᠠᠢ᠌ᠴᠠᠭᠠᠨ ᠰᠤᠳ᠋ᠤᠯᠬᠤ ᠳᠣᠭᠤᠢ᠌ᠯᠠᠡᠭ᠌ ᠮᠠᠨ ᠤ ᠬᠣᠰᠢ᠍ᠭᠤᠨ ᠳ᠋ᠥ ᠢᠷᠡᠵᠤ ᠡᠷᠡᠭᠦᠯ ᠬᠠᠮᠠᠭᠠᠯᠠᠯ ᠡᠷᠡᠭᠦᠯ ᠴᠢ᠍ᠬᠢᠷᠠᠭ ᠤᠨ ᠠᠵᠢ᠍ᠯ ᠢ ᠪᠠᠢ᠌ᠴᠠᠭᠠᠨ ᠰᠣᠳ᠋ᠣᠯᠣᠭᠰᠠᠨ