ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠨᠠᠮ ᠤᠨ ᠡᠭᠦᠷ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠨᠠᠮ ᠤᠨ ᠬᠡᠰᠢ᠍ᠬᠦᠨ ᠦ ᠰᠤᠷᠭᠠᠨ ᠬᠦᠮᠦᠵᠢ᠍ᠯ ᠦᠨ ᠬᠠᠮᠢ᠍ᠶᠠᠷᠤᠯᠳ᠋ᠡ ᠶᠢᠨ ᠠᠵᠢ᠍ᠯ ᠤᠨ ᠲᠦ᠋ᠷᠢ᠍ᠮ ᠢ ᠰᠤᠷᠤᠯᠴᠠᠭᠰᠠᠨ ᠨᠢ

7ᠰᠠᠷ᠎ᠠ ᠶᠢᠨ5᠊ᠤ ᠡᠳ᠋ᠦᠷ᠂ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠨᠠᠮ ᠤᠨ ᠡᠭᠦᠷ ᠡᠴᠡ ᠨᠠᠮ ᠤᠨ ᠬᠡᠰᠢ᠍ᠬᠦᠨ ᠺᠠᠲᠷ ᠶᠢᠡᠨ ᠵᠤᠬᠢᠶᠠᠨ ᠪᠠᠢ᠌ᠭᠤᠯᠵᠤ 《ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠨᠠᠮ ᠤᠨ ᠬᠡᠰᠢ᠍ᠬᠦᠨ ᠦ ᠰᠤᠷᠭᠠᠨ ᠬᠦᠮᠦᠵᠢ᠍ᠯ ᠦᠨ ᠬᠠᠮᠢ᠍ᠶᠠᠷᠤᠯᠳ᠋ᠡ ᠶᠢᠨ ᠠᠵᠢ᠍ᠯ ᠤᠨ ᠲᠦ᠋ᠷᠢ᠍ᠮ》᠊ ᠢ ᠰᠤᠷᠤᠯᠴᠠᠭᠰᠠᠨ ᠪᠠᠢ᠌ᠨ᠎ᠠ᠃ ᠰᠤᠷᠤᠯᠴᠠᠯᠭ᠎ᠠ ᠶᠢᠨ ᠬᠦᠳ᠋ᠡᠯᠭᠡᠭᠡᠨ ᠢ ᠪᠠᠢ᠌ᠭᠤᠯᠭ᠎ᠠ ᠶᠢᠨ ᠨᠠᠮ ᠤᠨ ᠡᠭᠦᠷ ᠦᠨ ᠱᠦ᠋ᠵᠢ ᠯᠢ ᠴᠸᠩ ᠭᠦᠸᠸ ᠡᠷᠬᠢᠯᠡᠪᠡ᠃

ᠬᠤᠷᠠᠯ ᠡᠴᠡ ᠱᠠᠭᠠᠷᠳ᠋ᠠᠭᠰᠠᠨ ᠨᠢ᠂ ᠨᠢ᠍ᠭᠡ ᠳᠤ ᠡᠷᠭᠡᠪᠰᠢ ᠤᠨᠤᠯ ᠤᠨ ᠰᠤᠷᠤᠯᠴᠠᠯᠭ᠎ᠠ ᠪᠤᠯᠤᠨ ᠠᠵᠢ᠍ᠯᠯᠠᠭᠠᠨ ᠤ ᠰᠤᠷᠤᠯᠴᠠᠯᠭ᠎ᠠ ᠶᠢ ᠬᠠᠮᠳ᠋ᠤ ᠳᠤ ᠨᠢ ᠴᠢ᠍ᠬᠤᠯᠠᠴᠢ᠍ᠯᠠᠵᠤ᠂ ᠤᠨᠤᠯ ᠤᠨ ᠬᠡᠪ ᠰᠤᠷᠳ᠋ᠠᠯ ᠶᠢᠡᠨ ᠳᠡᠭᠡᠭ᠍ᠰᠢ᠍ᠯᠡᠭᠦᠯᠦᠨ᠂ ᠰᠢ ᠵᠢᠨ ᠫᠢᠩ ᠦᠨ ᠰᠢ᠍ᠨ᠎ᠠ ᠴᠠᠭ ᠦᠶ᠎ᠠ ᠶᠢᠨ ᠲᠤᠮᠳ᠋ᠠᠳ᠋ᠤ ᠤᠯᠤᠰ ᠤᠨ ᠤᠨᠴᠠᠯᠢ᠍ᠭ ᠲᠡᠶ ᠨᠡᠢ᠌ᠭᠡᠮ ᠵᠢᠷᠦᠮ ᠦᠨ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠵᠤ᠂ ᠬᠤᠪᠢ ᠪᠡᠶ᠎ᠠ ᠶᠢᠨ ᠠᠵᠢ᠍ᠯ ᠡᠴᠡ ᠪᠠᠨ ᠭᠠᠷᠳ᠋ᠠᠨ᠂ ᠠᠷᠠᠳ ᠤᠨ ᠲᠦ᠋ᠯᠦᠭᠡᠯᠡᠭ᠍ᠴᠢ᠍ᠳ ᠦᠨ ᠠᠵᠢ᠍ᠯ ᠤᠨ ᠬᠠᠮᠢ᠍ᠶ᠎ᠠ ᠪᠦᠬᠦᠢ ᠬᠠᠤᠯᠢ ᠴᠠᠭᠠᠵᠠ ᠬᠠᠤᠯᠢ ᠲᠦ᠋ᠷᠢ᠍ᠮ ᠦᠨ ᠮᠡᠳ᠋ᠡᠯᠭᠡ ᠶᠢ ᠰᠤᠷᠤᠯᠴᠠᠬᠤ ᠪᠠ ᠡᠵᠡᠮᠰᠢ᠍ᠵᠤ᠂ ᠠᠵᠢ᠍ᠯ ᠤᠨ ᠴᠢ᠍ᠳ᠋ᠠᠪᠦᠷᠢ ᠪᠠᠨ ᠳᠡᠭᠡᠭ᠍ᠰᠢ᠍ᠯᠡᠬᠦᠯᠬᠦ ᠬᠡᠷᠡᠭ᠍ᠲᠡᠢ᠃ ᠬᠤᠶᠠᠷ ᠲᠤ ᠡᠷᠬᠡᠪᠰᠢ ᠲᠠᠰᠤᠷᠠᠯᠳ᠋ᠡ ᠦᠭᠡᠶ ᠰᠤᠷᠤᠯᠴᠠᠯᠭ᠎ᠠ ᠪᠠ ᠳᠠᠪᠲᠠᠨ ᠪᠤᠯᠪᠠᠰᠤᠷᠠᠯᠭᠠ ᠶᠢ ᠬᠠᠮᠳ᠋ᠤ ᠳᠤ ᠨᠢ ᠠᠳᠬᠤᠵᠤ᠂ ᠪᠤᠳ᠋ᠠᠳ᠋ᠤ ᠠᠵᠢ᠍ᠯ ᠤᠨ ᠲᠤᠮᠳ᠋ᠡ ᠪᠠᠨ ᠪᠦᠲᠦᠮᠵᠢ᠍ᠳ᠋ᠡᠢ ᠠᠭᠤᠰᠬᠠᠵᠤ᠂ ᠳᠤᠪᠤᠢ᠌ᠮᠠ ᠠᠰᠠᠭᠤᠳ᠋ᠠᠯ ᠬᠦᠴᠢ᠍ᠷ ᠠᠰᠠᠭᠤᠳ᠋ᠠᠯ ᠲᠦ᠋ᠪᠯᠡᠷᠡᠩᠬᠦᠢ ᠠᠰᠠᠭᠤᠳ᠋ᠠᠯ ᠢ ᠰᠢ᠌ᠳᠪᠦᠷᠢ᠍ᠯᠡᠬᠦ ᠪᠡᠷ ᠳᠠᠮᠵᠢ᠍ᠨ᠂ ᠲᠤᠷᠰᠢ᠍ᠯᠭ᠎ᠠ ᠪᠠᠨ ᠲᠠᠰᠤᠷᠠᠯᠳ᠋ᠡ ᠦᠭᠡᠶ ᠬᠤᠷᠠᠮᠳ᠋ᠤᠭᠤᠯᠵᠤ᠂ ᠠᠵᠢ᠍ᠯ ᠤᠨ ᠴᠢ᠍ᠳ᠋ᠠᠪᠤᠷᠢ ᠪᠠᠨ ᠨᠡᠮᠡᠭ᠍ᠳ᠋ᠡᠬᠦᠯᠬᠦ ᠬᠡᠷᠡᠭ᠍ᠲᠡᠢ᠂ ᠭᠤᠷᠪᠠ ᠳᠤ ᠡᠷᠭᠡᠪᠰᠢ ᠰᠤᠷᠭᠠᠨ ᠬᠦᠮᠦᠵᠢ᠍ᠯ ᠬᠠᠮᠢ᠍ᠶᠠᠷᠤᠯᠳ᠋ᠠ ᠶᠢᠨ ᠤᠯᠠᠮᠵᠢ᠍ᠯᠠᠯᠳ᠋ᠤ ᠠᠷᠭ᠎ᠠ ᠬᠡᠯᠪᠡᠷᠢ ᠪᠠ ᠰᠤᠷᠠᠭ ᠵᠠᠩᠬᠢ ᠶᠢᠨ ᠮᠡᠷᠭᠡᠵᠢ᠍ᠯ ᠢ ᠬᠠᠮᠳ᠋ᠤ ᠳᠤ ᠨᠢ ᠠᠳᠬᠤᠵᠤ᠂ ᠲᠦ᠋ᠪᠯᠡᠷᠡᠩᠬᠦᠢ ᠰᠤᠷᠤᠯᠴᠠᠬᠤ ᠪᠤᠯᠤᠨ ᠬᠤᠪᠢ ᠪᠡᠶ᠎ᠠ ᠶᠢᠨ ᠰᠤᠷᠤᠯᠴᠠᠯᠭ᠎ᠠ ᠶᠢ ᠦᠷᠨᠢᠭᠦᠯᠦᠨ᠂ ᠨᠠᠮ ᠤᠨ ᠬᠡᠰᠢ᠍ᠬᠦᠨ ᠦ ᠰᠤᠷᠭᠠᠨ ᠬᠦᠮᠦᠵᠢ᠍ᠯ ᠦᠨ ᠬᠠᠮᠢ᠍ᠶᠠᠷᠤᠯᠳ᠋ᠡ ᠶᠢᠨ ᠤᠳ᠋ᠤᠬᠢᠴᠢ᠍ᠯᠠᠯᠳ᠋ᠡ ᠶᠢᠨ ᠬᠢᠷᠢ ᠲᠦ᠋ᠪᠰᠢ᠍ᠨ ᠢ ᠲᠠᠰᠤᠷᠠᠯᠳ᠋ᠡ ᠦᠭᠡᠶ ᠳᠡᠭᠡᠭ᠍ᠰᠢ᠍ᠯᠡᠬᠦᠯᠬᠦ ᠬᠡᠷᠡᠭ᠍ᠲᠡᠢ ᠭᠡᠵᠡᠢ᠃ (ᠳᠠᠯᠠᠢ)