ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠡᠭᠦᠷ ᠡᠴᠡ ᠨᠠᠮ ᠤᠨ ᠬᠡᠰᠢ᠍ᠬᠦᠨ ᠺᠠᠲᠷ ᠶᠢᠡᠨ ᠵᠤᠬᠢᠶᠠᠨ ᠪᠠᠢ᠌ᠭᠤᠯᠵᠤ ᠰᠢ ᠵᠢᠨ ᠫᠢᠩ ᠦᠨ ᠦᠪᠦᠷ ᠮᠤᠩᠭ᠋ᠤᠯ ᠳᠤ ᠪᠠᠢ᠌ᠴᠠᠭᠠᠨ ᠰᠤᠳ᠋ᠤᠯᠬᠤ ᠦᠶ᠎ᠠ ᠶᠢᠨ ᠰᠤᠨᠢᠨ ᠮᠡᠳ᠋ᠡᠭᠡ ᠶᠢ ᠦᠵᠡᠵᠡᠭᠡᠭ᠍ᠰᠡᠨ ᠨᠢ

7ᠰᠠᠷ᠎ᠠ ᠶᠢᠨ19 ᠊ ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠶᠢᠨ ᠪᠠᠢ᠌ᠭᠤᠯᠭ᠎ᠠ ᠶᠢᠨ ᠨᠠᠮ ᠤᠨ ᠡᠭᠦᠷ ᠡᠴᠡ ᠪᠦᠬᠦ ᠨᠠᠮ ᠤᠨ ᠬᠡᠰᠢ᠍ᠬᠦᠨ ᠺᠠᠲᠷᠴᠤᠳ ᠶᠢᠡᠨ ᠵᠤᠬᠢᠶᠠᠨ ᠪᠠᠢ᠌ᠭᠤᠯᠵᠤ ᠰᠢ ᠵᠢᠨ ᠫᠢᠩ ᠦᠪᠦᠷ ᠮᠤᠩᠭ᠋ᠤᠯ ᠳᠤ ᠪᠠᠢ᠌ᠴᠠᠭᠠᠨ ᠰᠤᠳ᠋ᠤᠯᠤᠯᠳ᠋ᠡ ᠬᠢᠬᠦ ᠶᠢᠨ ᠬᠠᠮᠳ᠋ᠤ 《ᠤᠭ ᠰᠠᠨᠠᠭ᠎ᠠ ᠪᠠᠨ ᠦᠯᠤ ᠮᠠᠷᠳ᠋ᠡᠨ᠂ ᠡᠭᠦᠷᠭᠡ ᠬᠠᠷᠢ᠍ᠭᠤᠴᠠᠯᠭ᠎ᠠ ᠪᠠᠨ ᠪᠠᠳ᠋ᠦ ᠴᠡᠭᠡᠵᠢ᠍ᠯᠡᠬᠦ》 ᠭᠤᠤᠯ ᠰᠡᠳ᠋ᠦᠪᠳ᠋ᠦ ᠬᠦᠮᠦᠵᠢ᠍ᠯ ᠦᠷᠨᠢᠭᠦᠯᠵᠤ ᠵᠢᠭᠠᠨ ᠵᠢᠯᠤᠭᠤᠳ᠋ᠤᠭᠰᠠᠨ ᠰᠤᠨᠢᠨ ᠮᠡᠳ᠋ᠡᠭᠡ ᠶᠢ ᠦᠵᠡᠵᠦ ᠰᠤᠷᠤᠯᠴᠠᠭᠰᠠᠨ ᠪᠠᠢ᠌ᠨ᠎ᠠ᠃

ᠤᠯᠠᠨ ᠶᠢᠡᠷ ᠶᠢᠡᠨ ᠰᠤᠨᠢᠨ ᠮᠡᠳ᠋ᠡᠭᠡ ᠶᠢ ᠦᠵᠡᠭ᠍ᠰᠡᠨ ᠦ ᠳᠠᠷᠠᠭ᠎ᠠ ᠨᠢ᠍ᠭᠡᠳ᠋ᠦᠯᠳ᠋ᠡᠢ ᠢᠯᠡᠷᠬᠡᠢ᠌ᠯᠡᠭ᠍ᠰᠡᠨ ᠨᠢ ᠡᠷᠬᠡᠪᠰᠢ ᠰᠢ ᠵᠢᠨ ᠫᠢᠩ ᠶᠡᠷᠦᠩᠭᠡᠢ ᠱᠦ᠋ᠵᠢ ᠶᠢᠨ ᠶᠠᠷᠢ᠍ᠶᠠᠨ ᠤ ᠵᠤᠷᠢ᠍ᠭ ᠰᠠᠨᠠᠭ᠎ᠠ ᠪᠤᠯᠤᠨ ᠦᠪᠦᠷ ᠮᠤᠩᠭ᠋ᠤᠯ ᠤᠨ ᠤᠷᠳ᠋ᠤ ᠬᠤᠭᠤᠴᠠᠭᠠᠨ ᠤ ᠬᠦᠭ᠍ᠵᠢ᠍ᠯᠳ᠋ᠡ ᠶᠢᠨ ᠬᠦᠰᠡᠯ ᠱᠠᠭᠠᠷᠳ᠋ᠠᠯᠭ᠎ᠠ ᠪᠡᠷ ᠦᠪᠡᠷ ᠢ ᠪᠠᠨ ᠱᠠᠭᠠᠷᠳ᠋ᠠᠨ᠂ ᠨᠡᠩ ᠦᠨᠳ᠋ᠦᠷ ᠪᠠᠷᠢ᠍ᠮᠵᠢ᠍ᠶ᠎ᠠ ᠪᠡᠷ ᠠᠵᠢ᠍ᠯ ᠦᠷᠨᠢᠭᠦᠯᠵᠤ᠂ ᠦᠵᠡᠯ ᠰᠠᠨᠠᠭ᠎ᠠ ᠪᠠ ᠠᠵᠢ᠍ᠯ ᠤᠨ ᠪᠤᠳ᠋ᠠᠳ᠋ᠠᠢ ᠶᠢ ᠨᠢ᠍ᠭᠲᠠ ᠤᠶᠠᠯᠳ᠋ᠤᠭᠤᠯᠵᠤ᠂ ᠰᠡᠳᠬᠢᠴᠡ ᠪᠠᠨ ᠦᠷᠭᠡᠳᠭᠡᠨ᠂ ᠵᠤᠷᠢ᠍ᠭᠲᠠᠢ ᠪᠡᠷ ᠰᠢ᠍ᠨ᠎ᠠ ᠶᠢ ᠡᠭᠦᠳᠴᠦ᠂ ᠰᠢ ᠵᠢᠨ ᠫᠢᠩ ᠶᠡᠷᠦᠩᠭᠡᠢ ᠱᠦ᠋ᠵᠢ ᠡᠴᠡ ᠭᠠᠵᠠᠷ ᠤᠷᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠭᠡ ᠬᠤᠷᠠᠯ ᠪᠤᠯᠤᠨ ᠲᠡᠬᠦᠨ ᠦ ᠪᠠᠢ᠌ᠩᠭ᠋ᠤ ᠶᠢᠨ ᠬᠤᠷᠢ᠍ᠶ᠎ᠠ ᠳᠤ ᠲᠤᠷᠠᠳ᠋ᠤᠭᠰᠠᠨ ᠴᠢ᠍ᠬᠤᠯᠨ ᠵᠢᠭᠠᠪᠤᠷᠢ ᠶᠢᠨ ᠵᠤᠷᠢ᠍ᠭ ᠰᠠᠨᠠᠭ᠎ᠠ ᠶᠢ ᠦᠨᠡᠨᠬᠦ ᠰᠠᠢ᠌ᠳ᠋ᠤᠷ ᠲᠤᠭᠤᠰᠢ᠍ᠯᠠᠭᠤᠯᠵᠤ ᠰᠠᠢ᠌ᠳ᠋ᠤᠷ ᠨᠠᠢ᠌ᠳ᠋ᠠᠪᠤᠷᠢ᠍ᠵᠢ᠍ᠭᠤᠯᠤᠨ᠂ ᠬᠠᠤᠯᠢ ᠪᠡᠷ ᠡᠷᠬᠡ ᠲᠤᠰᠢ᠍ᠶᠠᠯ ᠶᠢᠡᠨ ᠬᠦᠢ᠍ᠴᠡᠳᠬᠡᠬᠦ ᠴᠢ᠍ᠳ᠋ᠠᠪᠦᠷᠢ ᠪᠠ ᠭᠢᠷᠢ ᠲᠦ᠋ᠪᠰᠢ᠍ᠨ ᠢ ᠳᠡᠭᠡᠭ᠍ᠰᠢ᠍ᠯᠡᠬᠦᠯᠦᠨ᠂ ᠠᠵᠢ᠍ᠯ ᠤᠨ ᠪᠦᠬᠦᠢ᠌ᠯᠨ ᠦᠷ᠎ᠠ ᠪᠦᠲᠦᠮᠵᠢ ᠶᠢ ᠴᠢ᠍ᠩᠭ᠋ᠠᠳᠬᠠᠬᠤ ᠬᠡᠷᠡᠭ᠍ᠲᠡᠢ ᠭᠡᠵᠡᠢ᠃ (ᠳᠠᠯᠠᠢ)