ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠳ᠋ᠠ ᠶᠢᠨ ᠠᠷᠡᠳ ᠤᠨ ᠳᠦ᠋ᠯᠦᠭᠡᠯᠡᠭ᠍ᠴᠢ᠍ᠳ ᠤᠨ᠁
ᠬᠤᠳ᠋ᠠ ᠶᠢᠨ ᠠᠷᠡᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠶᠢᠨ ᠪᠠᠢ᠌ᠴᠠᠭᠠᠨ ᠰᠣᠳ᠋ᠣᠯᠬᠣ ᠳᠣᠭᠤᠢ᠌ᠯᠠᠡᠭ᠌ ᠮᠠᠨ ᠤ ᠬᠤᠰᠢ᠍ᠭᠤᠨ ᠳ᠋ᠥ ᠢᠷᠡᠵᠤ ᠳᠦ᠋ᠡᠭᠯᠢ᠍ᠶᠤᠤ ᠬᠤᠳ᠋ᠠ ᠶᠢᠨ ᠣᠰᠣ ᠠᠷᠪᠢᠯᠠᠨ ᠬᠡᠷᠡᠭᠯᠡᠬᠦ ᠳᠦ᠋ᠷᠢ᠍ᠮ ᠤᠨ ᠬᠠᠣᠯᠢ ᠳᠣᠭᠳ᠋ᠠᠭᠠᠬᠤ ᠵᠢ ᠪᠠᠢ᠌ᠴᠠᠭᠠᠨ ᠰᠣᠳ᠋ᠣᠯᠣᠭᠰᠠᠨ

           

         ᠣᠢ᠌ᠷ᠎ᠠ ᠶᠢᠨ ᠡᠳ᠋ᠦᠷ᠂ᠬᠤᠳ᠋ᠠ ᠶᠢᠨ ᠠᠷᠡᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶ᠎ᠠ ᠶᠢᠨ ᠪᠠᠢ᠌ᠴᠠᠭᠠᠨ ᠰᠣᠳ᠋ᠣᠯᠬᠣ ᠳᠣᠭᠤᠢ᠌ᠯᠠᠡᠭ᠌ ᠮᠠᠨ ᠤ ᠬᠤᠰᠢ᠍ᠭᠤᠨ ᠳ᠋ᠥ ᠢᠷᠡᠵᠤ 《ᠳᠦ᠋ᠡᠭᠯᠢ᠍ᠶᠤᠤ ᠬᠤᠳ᠋ᠠ ᠶᠢᠨ ᠣᠰᠣ ᠠᠷᠪᠢᠯᠠᠨ ᠬᠡᠷᠡᠭᠯᠡᠬᠦ ᠳᠦ᠋ᠷᠢ᠍ᠮ》᠊ᠤᠨ ᠬᠠᠣᠯᠢ ᠳᠣᠭᠳ᠋ᠠᠭᠠᠬᠤ ᠵᠢ ᠪᠠᠢ᠌ᠴᠠᠭᠠᠨ ᠰᠣᠳ᠋ᠣᠯᠪᠠ᠃ ᠬᠤᠰᠢ᠍ᠭᠤᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠡᠭ᠍ᠭᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠰᠥᠩ ᠯᠢ᠍ᠶᠠᠨ ᠾᠦ᠋ᠢ᠂ ᠬᠤᠰᠢ᠍ᠭᠤᠨ ᠳᠡᠳ᠋ ᠳᠠᠷᠣᠭ᠎ᠠ ᠪᠤᠤ ᠵᠢᠶᠠᠩ ᠱᠠᠨ ᠵᠢᠴᠢ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠤᠨ ᠬᠠᠷᠢ᠍ᠭᠤᠴᠠᠯᠭᠠᠳ᠋ᠠᠨ ᠪᠠᠷ᠎ᠠ ᠪᠤᠯᠪᠠ᠃
                        

          

         ᠪᠠᠢ᠌ᠴᠠᠭᠠᠨ ᠰᠣᠳ᠋ᠣᠯᠬᠤ ᠳᠣᠭᠤᠢ᠌ᠯᠠᠡᠭ᠌ ᠤᠨ ᠬᠢᠨ ᠣᠷᠢ᠍ᠳ ᠬᠤᠵᠢ᠍ᠳ ᠮᠣᠳ᠋ᠣ ᠣᠰᠣᠨ ᠴᠦ᠋ᠬᠦᠷᠦᠮ᠂ ᠦᠪᠦᠷ ᠮᠣᠡᠭ᠍ᠭᠣᠯ ᠤᠨ ᠸᠧᠢ ᠯᠢ᠍ᠨ ᠠᠷᠢ᠍ᠬᠢᠨ ᠤ ᠦᠢ᠍ᠯᠡᠰ ᠤᠨ ᠬᠢᠵᠠᠭᠠᠷᠳ᠋ᠣ ᠺᠣᠮᠫᠠᠨᠢ᠂ ᠬᠤᠰᠢ᠍ᠭᠤᠨ ᠤ ᠪᠤᠬᠢᠷᠳ᠋ᠤᠯ ᠣᠰᠣ ᠵᠢ ᠰᠢ᠌ᠳᠪᠦᠷᠢ᠍ᠯᠡᠨ ᠬᠠᠮᠢ᠍ᠶᠠᠷᠬᠤ ᠦᠷᠳ᠋ᠡᠭᠡ ᠳ᠋ᠥ ᠬᠦᠷᠴᠣ᠂ ᠪᠤᠳ᠋ᠠᠳ᠋ᠣ ᠭᠠᠵᠠᠷ ᠲᠤ ᠨᠢ ᠪᠠᠢ᠌ᠴᠠᠭᠠᠨ ᠰᠣᠳ᠋ᠣᠯᠬᠣ᠂ ᠬᠠᠷᠢ᠍ᠭᠤ ᠮᠡᠳ᠋ᠡᠭᠦᠯᠦᠯᠳ᠋ᠡ ᠶᠢ ᠰᠣᠨᠣᠰᠬᠣ ᠵᠡᠷᠭᠡ ᠬᠡᠯᠪᠡᠷᠢ ᠪᠠᠷ ᠳᠠᠮᠵᠢ᠍ᠨ ᠮᠠᠨ ᠤ ᠬᠤᠰᠢ᠍ᠭᠤᠨ ᠤ ᠣᠰᠣᠨ ᠤ ᠡᠬᠢ ᠪᠠᠶᠠᠯᠢ᠍ᠭ ᠤᠨ ᠬᠠᠮᠢ᠍ᠶᠠᠷᠣᠯᠳ᠋ᠠ᠂ ᠳᠠᠷᠢ᠍ᠶᠠᠯᠡᠡᠭ᠌᠂ ᠠᠵᠤ ᠦᠢ᠍ᠯᠡᠳᠪᠦᠷᠢ᠂ ᠬᠤᠳ᠋ᠠ ᠪᠠᠯᠭᠠᠰᠣ ᠶᠢᠨ ᠣᠰᠣ ᠬᠡᠷᠡᠭᠯᠡᠨ ᠣᠰᠣ ᠠᠷᠪᠢᠯᠠᠬᠤ ᠵᠢᠴᠢ ᠪᠤᠬᠢᠷᠳ᠋ᠤᠯ ᠣᠰᠣᠨ ᠤ ᠡᠬᠢ ᠪᠠᠶᠠᠯᠢ᠍ᠭ ᠤᠨ ᠠᠰᠢ᠍ᠭᠯᠠᠯᠳ᠋ᠠ ᠵᠡᠷᠭᠡ ᠪᠠᠢ᠌ᠳ᠋ᠠᠯ ᠢ ᠨᠠᠷᠢ᠍ᠯᠢ᠍ᠭ ᠣᠢ᠌ᠯᠭᠠᠭᠰᠠᠨ ᠪᠠᠢ᠌ᠨ᠎ᠠ᠃

           

           ᠪᠤᠳ᠋ᠠᠳ᠋ᠣ ᠭᠠᠵᠠᠷ ᠤᠨ ᠪᠠᠢ᠌ᠴᠠᠭᠠᠨ ᠰᠣᠳ᠋ᠣᠯᠣᠯᠳ᠋ᠠ ᠳᠠᠭᠤᠰᠣᠭᠰᠠᠨ ᠤ ᠳᠠᠷᠠᠭ᠎ᠠ ᠰᠠᠭᠤᠳ᠋ᠠᠯ ᠤᠨ ᠬᠤᠷᠠᠯ ᠬᠤᠷᠠᠯᠳ᠋ᠣᠭᠤᠯᠪᠠ᠃ ᠰᠥᠩ ᠯᠢ᠍ᠶᠠᠨ ᠾᠦ᠋ᠢ᠂ ᠪᠤᠤ ᠵᠢᠶᠠᠩ ᠱᠠᠨ ᠡᠴᠡ ᠮᠠᠨ ᠤ ᠬᠤᠰᠢ᠍ᠭᠤᠨ ᠤ ᠳᠠᠷᠢ᠍ᠶᠠᠯᠠᠡᠭ᠌᠂ ᠠᠵᠤ ᠦᠢ᠍ᠯᠡᠳᠪᠦᠷᠢ᠂ ᠬᠤᠳ᠋ᠠ ᠪᠠᠯᠭᠠᠰᠣ ᠶᠢᠨ ᠣᠰᠣ ᠠᠷᠪᠢᠯᠠᠬᠤ ᠠᠵᠢ᠍ᠯ ᠦᠷᠨᠢᠭᠦᠯᠦᠭ᠍ᠰᠡᠨ ᠪᠠᠢ᠌ᠳ᠋ᠠᠯ ᠤᠨ ᠲᠤᠬᠠᠢ ᠬᠠᠷᠢ᠍ᠭᠤ ᠮᠡᠳ᠋ᠡᠭᠦᠯᠪᠠ᠃

            
                 ᠬᠠᠷᠢ᠍ᠭᠤ ᠮᠡᠳ᠋ᠡᠭᠦᠯᠦᠯᠳ᠋ᠡ ᠵᠢ ᠰᠣᠨᠣᠰᠣᠭᠰᠠᠨ ᠤ ᠳᠠᠷᠠᠭ᠎ᠠ᠂ ᠪᠠᠢ᠌ᠴᠠᠭᠠᠨ ᠰᠣᠳ᠋ᠣᠯᠬᠤ ᠳᠣᠭᠤᠢ᠌ᠯᠠᠡᠭ᠌ ᠤᠨ ᠬᠢᠨ ᠮᠠᠨ ᠤ ᠬᠣᠰᠢ᠍ᠭᠤᠨ ᠤ ᠣᠰᠣ ᠠᠷᠪᠢᠯᠠᠨ ᠣᠰᠣ ᠬᠡᠷᠡᠭᠯᠡᠬᠦ ᠠᠵᠢ᠍ᠯ ᠳ᠋ᠥ ᠬᠦᠢ᠍ᠴᠡᠳ ᠨᠣᠳ᠋ᠠᠯᠠᠯᠳ᠋ᠠ ᠦᠭ᠍ᠬᠦ ᠶᠢᠨ ᠬᠠᠮᠳ᠋ᠣ ᠵᠢᠭᠠᠵᠤ ᠭᠠᠷᠭᠠᠭᠰᠠᠨ ᠨᠢ᠂ ᠵᠠᠷᠣᠳ ᠬᠤᠰᠢ᠍ᠭᠤ ᠣᠰᠣ ᠠᠷᠪᠢᠯᠠᠨ ᠣᠰᠣ ᠬᠡᠷᠡᠭᠯᠡᠬᠦ ᠬᠠᠣᠯᠢ ᠳᠣᠭᠳ᠋ᠠᠭᠠᠬᠤ ᠠᠵᠢ᠍ᠯ ᠢ ᠦᠷᠭᠦᠯᠵᠢ᠍ᠯᠡᠨ ᠴᠢ᠍ᠬᠤᠯᠠᠴᠢ᠍ᠯᠠᠨ ᠬᠦᠨᠳ᠋ᠦᠳᠭᠡᠨ ᠦᠵᠡᠵᠤ᠂ ᠳᠠᠷᠢ᠍ᠶᠠᠯᠡᠡᠭ᠌ ᠤᠨ ᠣᠨᠠᠯᠳ᠋ᠠ ᠪᠠᠭᠠᠰᠬᠤ ᠦᠭᠡᠶ᠂ ᠠᠵᠤ ᠦᠢ᠍ᠯᠡᠳᠪᠦᠷᠢ ᠤᠨ ᠦᠢ᠍ᠯᠡᠳᠪᠦᠷᠢ᠍ᠯᠡᠯ ᠳᠣᠭᠳ᠋ᠠᠭᠣᠨ᠂ ᠬᠦᠮᠦᠨ ᠠᠮᠢ᠍ᠳ᠋ᠠᠨ ᠤ ᠣᠣᠭᠤᠬᠤ ᠣᠰᠣᠨ ᠤ ᠠᠮᠣᠷ ᠳᠦ᠋ᠪᠰᠢ᠍ᠨ ᠵᠢ ᠪᠠᠳ᠋ᠣᠯᠠᠬᠤ ᠣᠷᠢ᠍ᠳ᠋ᠣᠯ ᠳᠣᠣᠷ᠎ᠠ᠂ ᠨᠢ᠍ᠭᠡᠳ᠋ᠦᠯᠳ᠋ᠠᠢ ᠲᠦ᠋ᠯᠦᠪᠯᠡᠬᠦ ᠬᠡᠷᠡᠭ᠍ᠳ᠋ᠠᠢ᠃ ᠳᠣᠬᠠᠢ ᠶᠢᠨ ᠭᠠᠵᠠᠷ ᠣᠷᠣᠨ ᠤ ᠰᠠᠢ᠌ᠨ ᠳᠣᠷᠰᠢ᠍ᠯᠭ᠎ᠠ ᠠᠷᠭ᠎ᠠ ᠪᠠᠷᠢ᠍ᠯ ᠲᠡᠶ ᠣᠶᠠᠯᠳ᠋ᠣᠭᠤᠯᠣᠨ ᠰᠢ᠍ᠨᠵᠢ᠍ᠯᠡᠬᠦ ᠣᠬᠠᠭᠠᠨᠴᠢ ᠴᠢ᠍ᠨᠠᠷᠳ᠋ᠠᠢ᠂ ᠵᠢᠯᠣᠭᠤᠳ᠋ᠣᠯᠭ᠎ᠠ ᠶᠢᠨ ᠴᠢ᠍ᠨᠠᠷᠳ᠋ᠠᠢ ᠰᠠᠨᠠᠯ ᠰᠠᠨᠠᠭᠤᠯᠭ᠎ᠠ ᠵᠢ ᠳᠣᠷᠠᠳ᠋ᠣᠨ ᠭᠠᠷᠭᠠᠵᠤ᠂ ᠳᠣᠬᠠᠢ ᠶᠢᠨ ᠭᠠᠵᠠᠷ ᠳᠠᠭᠠᠨ ᠳᠣᠬᠢᠷᠠᠭᠤᠯᠤᠨ᠂ ᠬᠠᠮᠢ᠍ᠶ᠎ᠠ ᠪᠦᠬᠦᠢ ᠣᠰᠣ ᠠᠷᠪᠢᠯᠠᠬᠤ ᠳᠦ᠋ᠷᠢ᠍ᠮ ᠳᠦ᠋ᠷᠦ ᠶᠢᠨ ᠪᠤᠳ᠋ᠣᠯᠭ᠎ᠠ ᠵᠢ ᠳᠣᠭᠳ᠋ᠠᠭᠠᠵᠤ᠂ ᠣᠯᠠᠨ ᠳᠦ᠋ᠮᠡᠨ ᠤ ᠣᠰᠣ ᠠᠷᠪᠢᠯᠠᠬᠤ ᠣᠬᠠᠮᠰᠠᠷ ᠢ ᠪᠦᠬᠦ ᠳᠠᠯ᠎ᠠ ᠪᠠᠷ ᠳᠡᠭᠡᠭ᠍ᠰᠢ᠍ᠯᠡᠬᠦᠯᠤᠨ᠂ ᠬᠦᠭ᠍ᠵᠢ᠍ᠯᠳ᠋ᠡ ᠪᠣᠯᠣᠨ ᠣᠰᠣ ᠠᠷᠪᠢᠯᠠᠬᠤ ᠶᠢᠨ ᠬᠠᠷᠢ᠍ᠴᠠᠭ᠎ᠠ ᠵᠢ ᠰᠠᠢ᠌ᠳ᠋ᠣᠷ ᠳᠣᠬᠢᠷᠠᠭᠤᠯᠬᠤ ᠬᠡᠷᠡᠭ᠍ᠳ᠋ᠠᠢ ᠭᠡᠵᠠᠢ᠃
                ᠬᠤᠷᠠᠯ ᠳᠡᠭᠡᠷ᠎ᠠ᠂ ᠬᠤᠷᠠᠯ ᠳ᠋ᠥ ᠣᠷᠣᠯᠴᠠᠭᠰᠠᠳ ᠡᠴᠡ ᠳᠠᠷᠢ᠍ᠶᠠᠯᠠᠡᠭ᠌ ᠠᠵᠤ ᠦᠢ᠍ᠯᠡᠰ ᠤᠨ ᠪᠦᠳ᠋ᠦᠴᠡ ᠵᠢ ᠵᠤᠬᠢᠴᠠᠭᠤᠯᠬᠤ᠂ ᠦᠨᠳ᠋ᠦᠷ ᠦᠷ᠎ᠠ ᠠᠰᠢ᠍ᠭᠳ᠋ᠣ ᠣᠰᠣ ᠠᠷᠪᠢᠯᠠᠬᠤ ᠳᠦ᠋ᠭᠦᠭᠡᠷᠦᠮᠵᠢ ᠵᠢ ᠭᠡᠷᠡᠭ᠍ᠵᠢ᠍ᠭᠦᠯᠬᠦ᠂ ᠠᠵᠤ ᠦᠢ᠍ᠯᠡᠳᠪᠦᠷᠢ ᠶᠢᠨ ᠣᠰᠣ ᠬᠡᠷᠡᠭᠯᠡᠬᠦ ᠳᠦ᠋ᠷᠢ᠍ᠮ ᠢ ᠳᠡᠭᠦᠯᠳ᠋ᠡᠷᠵᠢ᠍ᠭᠦᠯᠬᠦ᠂ ᠣᠰᠣᠨ ᠤ ᠡᠬᠢ ᠪᠠᠶᠠᠯᠢ᠍ᠭ ᠤᠨ ᠬᠠᠮᠢ᠍ᠶᠠᠷᠣᠯᠳ᠋ᠠ ᠵᠢ ᠴᠢ᠍ᠡᠭ᠍ᠭᠠᠳᠬᠠᠬᠤ ᠵᠡᠷᠭᠡ ᠳᠠᠯ᠎ᠠ ᠶᠢᠨ ᠳᠣᠭᠤᠷᠢ᠍ᠨ ᠳ᠋ᠥ ᠰᠣᠯᠢ᠍ᠯᠴᠠᠭ᠎ᠠ ᠦᠷᠨᠢᠭᠦᠯᠬᠦ ᠶᠢᠨ ᠬᠠᠮᠳ᠋ᠣ ᠰᠠᠢ᠌ᠨ ᠰᠠᠨᠠᠯ ᠰᠠᠨᠠᠭᠤᠯᠭ᠎ᠠ ᠳᠣᠷᠠᠳ᠋ᠣᠭᠰᠠᠨ ᠪᠠᠢ᠌ᠨ᠎ᠠ᠃ (ᠳᠠᠯᠠᠢ)


ᠡᠮᠦᠨᠡᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠡᠷᠬᠢᠯᠡᠭᠴᠢ ᠪᠠᠶᠠᠨᠰᠠᠩ ᠤᠯᠠᠭᠠᠨᠬᠠᠳᠠ ᠰᠤᠮᠤ ᠶᠢᠨ ᠠᠵᠢᠯ ᠢ ᠪᠠᠢᠴᠠᠭᠠᠵᠤ ᠵᠢᠯᠤᠭᠤᠳᠤᠭᠰᠨᠨ ᠨᠢ
ᠳᠠᠷᠠᠭᠠᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ᠌〈 ᠨᠠᠮ ᠪᠠᠢᠭᠤᠯᠤᠭᠳᠠᠭᠰᠨᠨ98 ᠵᠢᠯ ᠤᠨ ᠤᠢ〉᠋᠋ ᠶᠢ ᠪᠠᠯᠭᠡᠯᠡᠬᠦ ᠭᠤᠤᠯ ᠰᠡᠳᠤᠪᠳᠤ ᠨᠠᠮ ᠤᠨ ᠡᠳᠤᠷ ᠤᠨ ᠬᠦᠳᠡᠯᠭᠡᠭᠡᠨ ᠦᠷᠨᠢᠬᠦᠯᠦᠭᠰᠨᠨ