ᠬᠤᠰᠢᠭᠤᠨ ᠤ ᠤᠳᠤᠷᠢᠳᠤᠯᠭ᠎ᠠ ᠦᠨᠳᠤᠰᠤᠨ ᠱᠠᠳᠤᠨ ᠳᠤ ᠬᠦᠨᠵᠡᠭᠡᠢᠷᠡᠨ ᠤᠳᠤ ᠦᠶ᠎ᠠ ᠶᠢᠨ ᠮᠠᠯ ᠠᠵᠤ ᠠᠬᠤᠢ ᠶᠢᠨ ᠠᠵᠢᠯ ᠳᠤ ᠪᠠᠢᠴᠠᠭᠠᠨ ᠰᠤᠳᠤᠯᠤᠯᠳᠠ ᠬᠢᠭᠰᠡᠨ ᠨᠢ
7 ᠰᠠᠷ᠎ᠠ ᠶᠢᠨ 25᠋ ᠤ ᠡᠳᠤᠷ ᠤᠨ ᠦᠳᠡ ᠶᠢᠨ ᠡᠮᠤᠨ᠎ᠡ᠂ ᠬᠤᠰᠢᠭᠤᠨ ᠲᠠᠷᠤᠭ᠎ᠠ ᠡᠷᠳᠡᠨᠢᠬᠦᠤ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠡᠷᠬᠢᠯᠡᠭᠴᠢ᠂ ᠭᠠᠳᠠᠰᠤ ᠦᠷᠡᠰ ᠮᠠᠯ ᠤᠨ ᠲᠠᠯᠠᠪᠠᠢ ᠶᠢᠨ ᠲᠠᠷᠤᠭ᠎ᠠ ᠪᠠᠶᠠᠨᠰᠠᠩ ᠵᠢᠷᠤᠭᠡ ᠪᠠᠯᠭᠠᠰᠤᠨ ᠳᠤ ᠬᠦᠨᠵᠡᠭᠡᠢᠷᠡᠨ ᠤᠳᠤ ᠦᠶ᠎ᠠ ᠶᠢᠨ ᠮᠠᠯ ᠠᠵᠤ ᠠᠬᠤᠢ ᠶᠢᠨ ᠠᠵᠢᠯ ᠳᠤ ᠪᠠᠢᠴᠠᠭᠠᠨ ᠰᠤᠳᠤᠯᠤᠯᠳᠠ ᠬᠢᠵᠤ᠂ ᠲᠠᠳ᠋ ᠬᠤᠰᠢᠭᠤᠨ ᠲᠠᠷᠤᠭ᠎ᠠ ᠸᠠᠩ ᠶᠠᠨ ᠵᠢᠶᠦ᠋ᠨ ᠵᠢᠴᠢ ᠬᠤᠰᠢᠭᠤᠨ ᠤ ᠬᠠᠮᠢᠶ᠎ᠠ ᠪᠦᠬᠦᠢ ᠪᠠᠢᠭᠤᠯᠭ᠎ᠠ ᠶᠢᠨ ᠬᠠᠷᠢᠭᠤᠴᠠᠯᠭᠠᠳᠠᠨ ᠪᠠᠷ᠎ᠠ ᠪᠤᠯᠤᠨ ᠪᠠᠢᠴᠠᠭᠠᠨ ᠰᠤᠳᠤᠯᠤᠯᠳᠠ ᠬᠢᠭᠰᠡᠡ ᠪᠠᠢᠨ᠎ᠠ᠃


ᠪᠠᠢᠴᠠᠭᠠᠨ ᠰᠤᠳᠤᠯᠬᠤ ᠲᠤᠭᠤᠢᠯᠠᠩ ᠤᠷᠢᠳ ᠬᠤᠵᠢᠳ ᠵᠠᠷᠤᠤᠨ ᠬᠤᠰᠢᠭᠤᠨ ᠤ ᠪᠠᠢ ᠱᠦᠨ ᠲᠠᠵᠢᠭᠡᠨ ᠦᠷᠡᠵᠢᠬᠦᠯᠬᠦ ᠲᠤᠰᠬᠠᠢ ᠬᠤᠷᠰᠢᠶᠠᠵᠢᠯ ᠪᠠ ᠵᠠᠷᠤᠤᠨ ᠬᠤᠰᠢᠭᠤᠨ ᠤ ᠰᠢᠶᠠᠩ ᠷᠦᠢ ᠲᠠᠵᠢᠭᠡᠨ ᠦᠷᠡᠵᠢᠬᠦᠯᠬᠦ ᠲᠤᠰᠬᠠᠢ ᠬᠤᠷᠰᠢᠶᠠᠵᠢᠯ ᠤᠨ ᠪᠤᠳᠠᠳᠠᠢ ᠭᠠᠵᠠᠷ ᠲᠤ ᠬᠦᠷᠴᠤ ᠲᠤᠭᠤᠷᠢᠨ ᠪᠠᠢᠴᠠᠭᠠᠪᠠ᠃ᠪᠠᠢᠴᠠᠭᠠᠨ ᠰᠤᠳᠤᠯᠬᠤ ᠲᠤᠭᠤᠢᠯᠠᠩ ᠡᠴᠨ ᠬᠤᠷᠰᠢᠶᠠᠵᠢᠯ ᠤᠨ ᠰᠠᠭᠤᠷᠢ ᠲᠦᠬᠦᠭᠡᠷᠤᠮᠵᠢ ᠶᠢᠨ ᠪᠦᠳᠤᠭᠡᠨ ᠪᠠᠢᠭᠤᠯᠤᠯᠳᠠ᠂ ᠮᠠᠯ ᠤᠨᠤᠭ᠎ᠠ ᠶᠢᠨ ᠡᠬᠦᠯᠳᠠᠷ᠂ ᠡᠪᠡᠰᠤ ᠪᠤᠷᠳᠤᠭ᠎ᠠ ᠶᠢᠨ ᠬᠠᠳᠠᠭᠠᠯᠠᠬᠤ ᠪᠤᠯᠤᠨ ᠪᠤᠯᠪᠠᠰᠤᠷᠠᠭᠤᠯᠬᠤ᠂ ᠤᠷᠴᠢᠨ ᠲᠤᠭᠤᠷᠢᠨ ᠤ ᠠᠷᠢᠭᠤᠨ ᠴᠡᠪᠡᠷ ᠤᠨ ᠬᠠᠮᠠᠭᠠᠯᠠᠯᠳᠠ ᠶᠢᠨ ᠬᠠᠮᠢᠶᠠᠷᠤᠯᠳᠠ ᠵᠡᠷᠭᠡ ᠪᠠᠢᠳᠠᠯ ᠢ ᠨᠠᠷᠢᠨ ᠤᠢᠯᠠᠭᠠᠪᠠ᠃

ᠪᠠᠢᠴᠠᠭᠠᠨ ᠰᠤᠳᠤᠯᠬᠤ ᠲᠤᠭᠤᠢᠯᠠᠩ ᠡᠴᠨ ᠵᠢᠭᠠᠵᠤ ᠭᠠᠷᠭᠠᠭᠰᠨᠨ ᠨᠢ᠂ ᠮᠠᠨ ᠤ ᠬᠤᠰᠢᠭᠤ ᠪᠤᠯ ᠬᠠᠭᠠᠰ ᠲᠠᠷᠢᠶᠠᠯᠠᠵᠤ ᠬᠠᠭᠠᠰ ᠮᠠᠯᠵᠢᠬᠤ ᠨᠡᠢᠳᠠᠯᠢᠭ᠌ ᠤᠷᠤᠨ ᠪᠤᠯᠤᠨ᠎ᠠ᠂ ᠰᠢ ᠵᠢᠨ ᠫᠢᠩ ᠶᠡᠷᠤᠩᠭᠡᠢ ᠱᠦᠵᠢ ᠶᠢᠨ ᠦᠪᠤᠷ ᠮᠤᠩᠭᠤᠯ ᠤᠨ ᠲᠦᠯᠤᠭᠡᠯᠡᠭᠴᠢᠳ ᠤᠨ ᠪᠦᠯᠬᠦᠮ ᠳᠤ ᠤᠷᠤᠯᠴᠠᠵᠤ ᠬᠢᠨᠠᠨ ᠵᠦᠪᠯᠡᠬᠦ ᠦᠶ᠎ᠠ ᠳᠤ ᠲᠤᠷᠠᠳᠤᠭᠰᠨᠨ ᠰᠠᠨᠠᠯ ᠶᠤᠰᠤᠭᠠᠷ᠂ ᠪᠤᠳᠠᠳᠠᠢ ᠳᠤ ᠰᠠᠭᠤᠷᠢᠯᠠᠵᠤ᠂ ᠲᠤᠬᠠᠢ ᠶᠢᠨ ᠭᠠᠵᠠᠷ ᠲᠠᠭᠠᠨ ᠲᠤᠬᠢᠷᠠᠭᠰᠨᠨ᠂ ᠲᠠᠷᠢᠶᠠᠯᠠᠩ ᠮᠠᠯ ᠠᠵᠤ ᠠᠬᠤᠢ ᠶᠢᠨ ᠤᠷᠭᠠᠨᠢᠭ ᠨᠢᠭᠡᠳᠤᠯ ᠢ ᠶᠡᠭᠡ ᠬᠦᠴᠤᠨ ᠶᠢᠠᠷ ᠬᠦᠭᠵᠢᠬᠦᠯᠵᠤ᠂ ᠲᠠᠵᠢᠬᠡᠬᠦ ᠶᠢᠨ ᠲᠦᠯᠤᠭᠡ ᠲᠠᠷᠢᠬᠤ᠂ ᠲᠠᠷᠢᠵᠤ ᠲᠠᠵᠢᠭᠡᠬᠦ ᠶᠢᠨ ᠤᠷᠴᠢᠯ ᠡᠷᠬᠢᠯᠳᠠ ᠪᠤᠯᠤᠨ ᠡᠪᠡᠰᠤ ᠲᠠᠷᠢᠶ᠎ᠠ ᠶᠢ ᠬᠠᠮᠳᠤ ᠳᠤᠨᠢ ᠬᠠᠷᠠᠭᠠᠯᠵᠠᠭᠰᠨᠨ ᠰᠢᠨ᠎ᠡ ᠭᠡᠯᠪᠡᠷᠢ ᠶᠢᠨ ᠲᠠᠷᠢᠶᠠᠯᠠᠩ ᠮᠠᠯ ᠠᠵᠤ ᠠᠬᠤᠢ ᠶᠢᠨ ᠲᠠᠷᠢᠵᠤ ᠲᠠᠵᠢᠭᠡᠬᠦ ᠭᠡᠯᠪᠡᠷᠢ ᠪᠤᠯᠤᠨ᠎ᠡ ᠭᠡᠵᠠᠢ᠃

ᠪᠠᠢᠴᠠᠭᠠᠨ ᠰᠤᠳᠤᠯᠬᠤ ᠲᠤᠭᠤᠢᠯᠠᠩ ᠡᠴᠨ ᠱᠠᠭᠠᠷᠳᠠᠭᠰᠨᠨ ᠨᠢ᠂ ᠲᠠᠷᠠᠭᠠᠴᠢ ᠶᠢᠨ ᠠᠯᠬᠤᠮ ᠳᠤ ᠰᠠᠢᠨ ᠡᠬᠦᠯᠳᠡᠷ ᠤᠨ ᠦᠷᠡᠵᠢᠬᠦᠯᠤᠨ ᠪᠤᠢᠵᠢᠭᠤᠯᠬᠤ ᠲᠤᠭᠳᠠᠯᠴᠠᠭ᠎ᠠ ᠶᠢᠨ ᠪᠦᠳᠤᠭᠡᠨ ᠪᠠᠢᠭᠤᠯᠤᠯᠳᠠ ᠶᠢ ᠴᠢᠩᠭᠠᠳᠬᠠᠵᠤ᠂ ᠰᠠᠢᠨ ᠡᠬᠦᠯᠳᠡᠷ ᠤᠨ ᠮᠠᠯ ᠤᠨᠤᠭ᠎ᠠ ᠶᠢ ᠤᠯᠠᠮ ᠨᠢᠭᠡ ᠠᠯᠬᠤᠮ ᠨᠡᠮᠡᠭᠳᠡᠬᠦᠯᠤᠨ᠂ ᠠᠷᠠᠴᠢᠯᠠᠭ᠎ᠠ ᠮᠡᠷᠭᠡᠵᠢᠯ ᠰᠢᠯᠢᠳᠡᠭ᠂ ᠬᠠᠮᠢᠶᠠᠷᠤᠯᠳᠠ ᠶᠢᠨ ᠰᠠᠢᠨ ᠠᠷᠭ᠎ᠠ ᠶᠢ ᠪᠠᠳᠤᠯᠠᠨ ᠲᠠᠨᠢᠯᠴᠠᠭᠤᠯᠵᠤ᠂ ᠲᠤᠷᠰᠢᠯᠳᠠ ᠪᠤᠯᠤᠨ ᠵᠢᠱᠢᠶ᠎ᠠ ᠦᠵᠡᠬᠦᠯᠬᠦ ᠬᠦᠴᠤᠯᠡᠴᠨ ᠶᠢ ᠲᠠᠯᠭᠡᠷᠡᠬᠦᠯᠤᠨ᠂ᠤᠷᠤᠨ ᠨᠤᠳᠤᠭ ᠤᠨ ᠰᠠᠢᠨ ᠡᠬᠦᠯᠳᠡᠷ ᠤᠨ ᠮᠠᠯ ᠠᠵᠤ ᠠᠬᠤᠢ ᠶᠢᠨ ᠬᠦᠭᠵᠢᠯᠳᠠ ᠶᠢ ᠲᠠᠰᠤᠷᠠᠯᠳᠠ ᠦᠭᠡᠢ ᠲᠦᠷᠭᠡᠳᠭᠡᠬᠦ ᠭᠡᠷᠡᠭᠳᠡᠢ᠃ ᠪᠠᠷᠢᠮᠵᠢᠶᠠᠵᠢᠭᠰᠨᠨ ᠭᠡᠪᠴᠢᠶᠠᠨ ᠤ ᠲᠠᠵᠢᠭᠡᠨ ᠦᠷᠡᠵᠢᠬᠦᠯᠬᠦ ᠰᠠᠭᠤᠷᠢᠨ ᠭᠠᠵᠠᠷ ᠤᠨ ᠪᠦᠳᠤᠭᠡᠨ ᠪᠠᠢᠭᠤᠯᠤᠯᠳᠠ ᠶᠢ ᠴᠢᠩᠭᠠᠷᠠᠭᠤᠯᠵᠤ᠂ ᠠᠵᠤ ᠤᠢᠯᠡᠰ ᠤᠨ ᠭᠡᠯᠪᠡᠷᠢ ᠬᠤᠪᠢᠷᠠᠭᠠᠵᠤ ᠲᠠᠰ ᠲᠠᠪᠰᠢᠬᠦ ᠶᠢ ᠠᠬᠢᠭᠤᠯᠤᠨ᠂ ᠦᠷ᠎ᠠ ᠠᠰᠢᠭ ᠶᠢᠠᠨ ᠨᠡᠮᠡᠭᠳᠡᠬᠦᠯᠤᠨ ᠴᠢᠨᠠᠷ ᠶᠢᠠᠨ ᠲᠠᠭᠡᠭᠰᠢᠯᠡᠬᠦᠯᠵᠤ᠂ᠤᠳᠤ ᠦᠶ᠎ᠠ ᠶᠢᠨ ᠮᠠᠯ ᠠᠵᠤ ᠠᠬᠤᠢ ᠶᠢᠨ ᠬᠦᠭᠵᠢᠯᠳᠠ ᠶᠢᠨ ᠰᠠᠭᠤᠷᠢ ᠶᠢ ᠪᠠᠳᠤᠳᠬᠠᠬᠤ ᠭᠡᠷᠡᠭᠳᠡᠢ᠃ᠨᠠᠷᠢᠯᠢᠭᠵᠢᠯᠳᠠ ᠶᠢᠨ ᠬᠠᠮᠢᠶᠠᠷᠤᠯᠳᠠ ᠶᠢᠨ ᠤᠨᠤᠯ ᠢ ᠪᠤᠢ ᠪᠤᠯᠭᠠᠨ᠂ ᠡᠪᠡᠰᠤ ᠪᠤᠷᠳᠤᠭ᠎ᠠ ᠬᠤᠳᠠᠯᠳᠤᠨ ᠠᠪᠬᠤ ᠡᠴᠨ ᠤᠢᠯᠡᠳᠬᠦᠨ ᠪᠤᠷᠤᠯᠠᠭᠤᠯᠬᠤ ᠪᠦᠬᠦ ᠶᠠᠪᠤᠴᠨ ᠶᠢ ᠬᠢᠨᠠᠨ ᠡᠵᠡᠮᠰᠢᠵᠤ᠂ ᠭᠡᠷᠡᠭᠯᠡᠭᠴᠢᠳ ᠲᠤ ᠰᠠᠨᠠᠭ᠎ᠠ ᠠᠮᠤᠷ ᠬᠠᠨᠤᠮᠵᠢᠳᠠᠢ ᠰᠢᠯᠢᠳᠡᠭ ᠤᠢᠯᠡᠳᠬᠦᠨ ᠢ ᠡᠳ᠋ᠯᠡᠬᠦᠯᠬᠦ ᠶᠢ ᠪᠠᠳᠤᠯᠠᠬᠤ ᠭᠡᠷᠡᠭᠳᠡᠢ᠃ᠪᠠᠯᠨ ᠮᠦᠩᠬᠦ ᠶᠢᠨ ᠲᠤᠭᠳᠠᠯᠴᠠᠭ᠎ᠠ ᠶᠢᠨ ᠰᠢᠨ᠎ᠡ ᠶᠢ ᠡᠬᠦᠳᠬᠦ ᠶᠢ ᠪᠠᠬᠢᠵᠢᠬᠦᠯᠵᠤ᠂ ᠨᠡᠢᠭᠡᠮ ᠤᠨ ᠪᠡᠯᠨ ᠮᠦᠩᠬᠦ ᠪᠡᠷ ᠤᠳᠤ ᠦᠶ᠎ᠠ ᠶᠢᠨ ᠮᠠᠯ ᠠᠵᠤ ᠠᠬᠤᠢ ᠶᠢᠨ ᠭᠦᠭᠵᠢᠯᠳᠠ ᠶᠢ ᠲᠠᠮᠵᠢᠬᠦ ᠭᠡᠷᠡᠭᠳᠡᠢ᠃ ᠬᠢᠵᠢᠭ᠌ ᠦᠭᠡᠢ ᠤᠷᠤᠨ ᠪᠤᠯᠤᠨ ᠴᠢᠨᠠᠷ ᠴᠢᠨᠰᠠᠭ᠎ᠠ ᠶᠢᠨ ᠠᠮᠤᠷ ᠲᠦᠪᠰᠢᠨ ᠤ ᠬᠢᠨᠠᠨ ᠬᠠᠮᠢᠶᠠᠷᠬᠤ ᠲᠤᠭᠳᠠᠯᠴᠠᠭ᠎ᠠ ᠶᠢᠨ ᠪᠦᠳᠤᠭᠡᠨ ᠪᠠᠢᠭᠤᠯᠤᠯᠳᠠ ᠶᠢ ᠴᠢᠩᠭᠠᠷᠠᠭᠤᠯᠵᠤ᠂ ᠤᠳᠤ ᠦᠶ᠎ᠠ ᠶᠢᠨ ᠮᠠᠯ ᠠᠵᠤ ᠠᠬᠤᠢ ᠶᠢᠨ ᠬᠦᠭᠵᠢᠯᠳᠠ ᠶᠢ ᠬᠠᠮᠠᠭᠠᠯᠠᠬᠤ ᠭᠡᠷᠡᠭᠳᠡᠢ᠃ ᠮᠠᠯ ᠤᠨᠤᠭ᠎ᠠ ᠶᠢᠨ ᠪᠠᠭᠠᠰᠤ ᠪᠤᠷᠳᠠᠭ ᠢ ᠰᠠᠢᠳᠤᠷ ᠰᠢᠢᠳᠪᠤᠷᠢᠯᠠᠵᠤ ᠠᠰᠢᠭᠯᠠᠬᠤ ᠶᠢ ᠴᠢᠩᠭᠠᠳᠬᠠᠬᠤ ᠭᠡᠷᠡᠭᠳᠡᠢ ᠭᠡᠵᠡᠢ᠃