ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ ᠶᠢᠨ ᠨᠠᠮ ᠤᠨ ᠡᠬᠦᠷ ᠡᠴᠨ ᠵᠤᠬᠢᠶᠠᠨ ᠪᠠᠢᠭᠤᠯᠵᠤ ᠰᠢ ᠵᠢᠨ ᠫᠢᠩ᠋ ᠤᠨ《ᠤᠭ ᠰᠠᠨᠠᠭ᠎ᠠ ᠪᠠᠨ ᠦᠯᠤ ᠮᠠᠷᠳᠠᠨ ᠡᠬᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠶ᠎ᠠ》ᠴᠢᠬᠤᠯᠨ ᠦᠬᠦᠯᠡᠯ ᠤᠨ ᠰᠤᠩᠭᠤᠮᠠᠯ ᠢ ᠰᠤᠷᠤᠯᠴᠠᠭᠰᠨᠨ ᠨᠢ
8 ᠰᠠᠷ᠎ᠠ ᠶᠢᠨ 26᠋ ᠤ ᠡᠳᠤᠷ ᠤᠨ ᠦᠳᠡ ᠶᠢᠨ ᠬᠤᠢᠨ᠎ᠠ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ ᠶᠢᠨ ᠨᠠᠮ ᠤᠨ ᠡᠬᠦᠷ ᠡᠴᠨ ᠪᠦᠬᠦ ᠺᠠᠳ᠋ᠷ ᠠᠵᠢᠯᠳᠠᠨ ᠶᠢᠠᠨ ᠵᠤᠬᠢᠶᠠᠨ ᠪᠠᠢᠭᠤᠯᠵᠤ᠂ ᠰᠢ ᠵᠢᠨ ᠫᠢᠩ ᠤᠨ《ᠤᠭ ᠰᠠᠨᠠᠭ᠎ᠠ ᠪᠠᠨ ᠦᠯᠤ ᠮᠠᠷᠳᠠᠨ ᠡᠬᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠶ᠎ᠠ》ᠴᠢᠬᠤᠯᠨ ᠦᠬᠦᠯᠡᠯ ᠤᠨ ᠰᠤᠩᠭᠤᠮᠠᠯ ᠢ ᠰᠤᠷᠤᠯᠴᠠᠵᠤ᠂ ᠨᠠᠮ ᠤᠨ ᠡᠬᠦᠷ ᠤᠨ ᠱᠦᠵᠢ ᠯᠢ ᠴᠸᠩ ᠬᠦᠸᠸ ᠬᠤᠷᠠᠯ ᠡᠷᠬᠢᠯᠡᠵᠤ ᠲᠠᠭᠠᠭᠤᠯᠤᠨ ᠰᠤᠷᠤᠯᠴᠠᠭᠰᠨᠨ ᠪᠠᠢᠨ᠎ᠡ᠃


ᠬᠤᠷᠠᠯ ᠲᠠᠭᠡᠷ᠎ᠠ᠂ ᠯᠢ ᠴᠸᠩ ᠬᠦᠸᠸ ᠨᠦᠬᠦᠷ ᠡᠴᠨ ᠰᠢ ᠵᠢᠨ ᠫᠢᠩ ᠤᠨ《ᠤᠭ ᠰᠠᠨᠠᠭ᠎ᠠ ᠪᠠᠨ ᠦᠯᠤ ᠮᠠᠷᠳᠠᠨ ᠡᠬᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠶ᠎ᠠ》ᠴᠢᠬᠤᠯᠨ ᠦᠬᠦᠯᠡᠯ ᠤᠨ ᠰᠤᠩᠭᠤᠮᠠᠯ(ᠰᠢ ᠵᠢᠨ ᠫᠢᠩ ᠶᠡᠷᠤᠩᠭᠡᠢ ᠱᠦᠵᠢ ᠶᠢᠨ 2019 ᠤᠨ ᠤ 6 ᠰᠠᠷ᠎ᠠ ᠶᠢᠨ 24᠋ ᠤ ᠡᠳᠤᠷ ᠠᠷᠪᠠ ᠶᠢᠰᠤᠳᠤᠭᠡᠷ ᠬᠤᠭᠤᠴᠠᠭᠠᠨ ᠤ ᠲᠦᠪ ᠤᠨ ᠤᠯᠤᠰ ᠲᠦᠷᠤ ᠶᠢᠨ ᠲᠤᠪᠴᠢᠶ᠎ᠠ ᠶᠢᠨ ᠠᠷᠪᠠᠨ ᠲᠠᠪᠤᠳᠤᠭᠠᠷ ᠤᠳᠠᠭᠠᠨ ᠤ ᠬᠠᠮᠳᠤ ᠶᠢᠨ ᠰᠤᠷᠤᠯᠴᠠᠯᠭ᠎ᠠ ᠶᠢᠨ ᠦᠶ᠎ᠠ ᠶᠢᠨ ᠶᠠᠷᠢᠶ᠎ᠠ ᠪᠤᠯᠤᠨ ᠰᠢ ᠵᠢᠨ ᠫᠢᠩ ᠤᠨ《ᠰᠤᠷᠪᠤᠯᠵᠢᠯᠠᠭᠴᠢ ᠤᠷᠳᠤ ᠵᠠᠮ ᠤᠨ ᠠᠶᠠᠨ ᠲᠠᠢᠨ ᠢ ᠲᠠᠬᠢᠨᠳᠠ ᠶᠠᠪᠤᠬᠤ》ᠭᠤᠤᠯ ᠰᠡᠳᠤᠪᠳᠤ ᠰᠤᠷᠪᠤᠯᠵᠢᠯᠠᠭ᠎ᠠ ᠶᠢᠨ ᠬᠦᠳᠡᠯᠭᠡᠭᠡᠨ ᠤ ᠦᠶ᠎ᠠ ᠳᠤ ᠬᠢᠭᠰᠡᠡ ᠴᠢᠬᠤᠯᠨ ᠵᠢᠭᠠᠪᠤᠷᠢ ᠶᠢ ᠲᠠᠭᠠᠭᠤᠯᠤᠨ ᠰᠤᠷᠤᠯᠴᠠᠪᠠ᠃


ᠯᠢ ᠴᠸᠩ ᠬᠦᠸᠸ ᠴᠢᠩᠭᠠᠳᠬᠠᠭᠰᠨᠨ ᠨᠢ᠂ᠭᠤᠤᠯ ᠰᠡᠳᠤᠪᠳᠤ ᠰᠤᠷᠭᠠᠨ ᠬᠦᠮᠤᠵᠢᠯ ᠨᠢ ᠵᠦᠪᠭᠡᠨ ᠤᠳᠤᠷᠢᠳᠬᠤ ᠺᠠᠳ᠋ᠷ ᠲᠤ ᠴᠢᠭᠯᠡᠬᠦᠯᠦᠭᠰᠨᠨ ᠪᠢᠰᠢ᠂ᠪᠦᠬᠦ ᠨᠦᠬᠦᠤᠨ ᠪᠦᠷ ᠤᠷᠤᠯᠴᠠᠬᠤ ᠴᠢᠬᠤᠯᠠᠳᠠᠢ᠂ ᠤᠭ ᠰᠠᠨᠠᠭ᠎ᠠ ᠪᠠᠨ ᠰᠠᠬᠢᠨ᠂ ᠬᠠᠷᠢᠭᠤᠴᠠᠯᠭ᠎ᠠ ᠪᠠᠨ ᠡᠬᠦᠷᠭᠡᠯᠡᠵᠤ᠂ ᠵᠦᠷᠢᠶ᠎ᠠ ᠪᠠᠨ ᠡᠷᠢᠨ᠂ ᠨᠠᠢᠳᠠᠪᠤᠷᠢᠵᠢᠭᠤᠯᠤᠯᠳᠠ ᠶᠢ ᠠᠳᠬᠤᠬᠤ ᠭᠡᠷᠡᠭᠳᠡᠢ᠃ ᠠᠷᠠᠳ ᠤᠨ ᠲᠦᠯᠤᠭᠡᠯᠡᠭᠴᠢᠳ ᠤᠨ ᠪᠤᠳᠠᠳᠠᠢ ᠠᠵᠢᠯ ᠵᠢᠴᠢ ᠲᠤᠰ ᠲᠤᠰᠢᠶᠠᠯ ᠤᠨ ᠪᠠᠢᠷᠢ ᠲᠠᠢ ᠪᠠᠨ ᠤᠶᠠᠯᠳᠤᠭᠤᠯᠵᠤ᠂ᠦᠪᠡᠷ ᠤᠨ ᠪᠠᠶ᠎ᠠ ᠶᠢᠨ ᠶᠢᠠᠨ ᠤᠭ ᠰᠠᠨᠠᠭ᠎ᠠ ᠪᠤᠯᠤᠨ ᠡᠬᠦᠷᠭᠡ ᠬᠠᠷᠢᠭᠤᠴᠠᠯᠭ᠎ᠠ ᠶᠠᠭᠤ ᠪᠤᠯᠬᠤ᠂ ᠦᠨᠤ ᠤᠭ ᠰᠠᠨᠠᠭ᠎ᠠ ᠮᠦᠨ ᠡᠰᠡᠬᠦ᠂ ᠬᠠᠰᠤᠭᠳᠠᠭᠰᠨᠨ ᠡᠰᠡᠬᠦ ᠪᠠᠨ ᠰᠡᠳᠬᠢᠬᠦ ᠭᠡᠷᠡᠭᠳᠡᠢ᠃ ᠠᠵᠢᠯ ᠤᠨ ᠲᠤᠮᠳᠠ᠂ ᠪᠢᠳᠠ ᠦᠪᠡᠷ ᠤᠨ ᠪᠠᠶ᠎ᠠ ᠶᠢᠨ ᠪᠦᠳᠤᠭᠡᠨ ᠪᠠᠢᠭᠤᠯᠤᠯᠳᠠ ᠪᠠᠨ ᠦᠷᠬᠦᠯᠵᠢᠯᠠᠨ ᠬᠦᠨᠳᠤᠳᠭᠡᠵᠤ ᠴᠢᠩᠭᠠᠳᠬᠠᠨ᠂ᠪᠠᠢᠩᠭᠤ ᠶᠢᠨ ᠬᠤᠷᠢᠶ᠎ᠠ ᠳᠤ ᠤᠢᠯᠡᠴᠢᠯᠡᠬᠦ ᠲᠤᠰᠢᠶᠠᠯ ᠶᠢᠠᠨ ᠬᠦᠢᠴᠡᠳᠭᠡᠬᠦ ᠴᠢᠳᠠᠮᠵᠢ ᠪᠠᠨ ᠦᠨᠡᠨᠬᠦ ᠲᠠᠭᠡᠭᠰᠢᠯᠡᠬᠦᠯᠵᠤ᠂ ᠪᠤᠳᠠᠳᠤ ᠠᠵᠢᠯᠯᠠᠭ᠎ᠠ ᠶᠢ ᠡᠷᠬᠢᠮᠯᠡᠬᠦ ᠠᠵᠢᠯ ᠤᠨ ᠤᠪᠤᠷ ᠰᠤᠷᠳᠠᠯ ᠶᠢᠠᠷ ᠡᠯ᠎ᠠ ᠲᠦᠷᠤᠯ ᠤᠨ ᠠᠵᠢᠯ ᠤᠨ ᠨᠠᠢᠳᠠᠪᠤᠷᠢᠵᠢᠭᠤᠯᠤᠯᠳᠠ ᠶᠢ ᠰᠠᠢᠳᠤᠷ ᠠᠳᠬᠤᠬᠤ ᠭᠡᠷᠡᠭᠳᠡᠢ ᠭᠡᠵᠡᠢ᠃