ᠤᠳᠤ ᠶᠢᠨ ᠪᠠᠢ᠌ᠷᠢ᠄ ᠨᠠᠮ ᠤᠨ ᠪᠦᠳᠤᠭᠡᠨ ᠪᠠᠢ᠌ᠭᠤᠯᠤᠯᠳᠠ ᠶᠢᠨ ᠠᠵᠢᠯ → ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ᠁
ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ《ᠤᠭ ᠰᠠᠨᠠᠭ᠎ᠠ ᠪᠠᠨ ᠦᠯᠤ ᠮᠠᠷᠳᠠᠨ᠂ ᠡᠬᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠬᠦ》ᠭᠤᠤᠯ ᠰᠡᠳᠤᠪᠳᠤ ᠬᠦᠮᠤᠵᠢᠯ ᠤᠨ ᠪᠠᠢᠴᠠᠭᠠᠭᠰᠨᠨ ᠠᠰᠠᠭᠤᠳᠠᠯ ᠢ ᠴᠡᠭᠴᠡᠯᠡᠨ ᠦᠭᠡᠷᠡᠴᠢᠯᠡᠬᠦ ᠠᠵᠢᠯ ᠢ ᠲᠦᠯᠬᠢᠨ ᠠᠬᠢᠭᠤᠯᠬᠤ ᠬᠤᠷᠠᠯ ᠬᠤᠷᠠᠯᠳᠤᠭᠤᠯᠤᠭᠰᠨᠨ ᠨᠢ


10 ᠰᠠᠷ᠎ᠠ ᠶᠢᠨ 25᠋ ᠤ ᠡᠳᠤᠷ ᠤᠨ ᠦᠳᠡ ᠶᠢᠨ ᠬᠤᠢᠨ᠎ᠡ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ ᠶᠢᠨ ᠨᠠᠮ ᠤᠨ ᠤᠳᠤᠷᠢᠳᠬᠤ ᠲᠤᠭᠤᠢᠯᠠᠩ ᠡᠴᠨ ᠵᠤᠬᠢᠶᠠᠨ ᠪᠠᠢᠭᠤᠯᠵᠤ᠂《ᠤᠭ ᠰᠠᠨᠠᠭ᠎ᠠ ᠪᠠᠨ ᠦᠯᠤ ᠮᠠᠷᠳᠠᠨ᠂ ᠡᠬᠦᠷᠭᠡ ᠬᠠᠷᠢᠭᠤᠴᠠᠯᠭ᠎ᠠ ᠪᠠᠨ ᠪᠠᠳᠤ ᠴᠡᠭᠡᠵᠢᠯᠡᠬᠦ》ᠭᠤᠤᠯ ᠰᠡᠳᠤᠪᠳᠤ ᠬᠦᠮᠤᠵᠢᠯ ᠤᠨ ᠪᠠᠢᠴᠠᠭᠠᠭᠰᠨᠨ ᠠᠰᠠᠭᠤᠳᠠᠯ ᠢ ᠴᠡᠭᠴᠡᠯᠡᠨ ᠦᠭᠡᠷᠡᠴᠢᠯᠡᠬᠦ ᠠᠵᠢᠯ ᠢ ᠲᠦᠯᠬᠢᠨ ᠠᠬᠢᠭᠤᠯᠬᠤ ᠬᠤᠷᠠᠯ ᠬᠤᠷᠠᠯᠳᠤᠭᠤᠯᠪᠠ᠃ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ ᠶᠢᠨ ᠨᠠᠮ ᠤᠨ ᠤᠳᠤᠷᠢᠳᠬᠤ ᠲᠤᠭᠤᠢᠯᠠᠩ ᠤᠨ ᠱᠦᠵᠢ ᠯᠢ ᠴᠸᠩ ᠬᠦᠸᠸ ᠬᠤᠷᠠᠯ ᠡᠷᠬᠢᠯᠡᠵᠤ᠂ ᠬᠤᠰᠢᠭᠤᠨ ᠤ ᠨᠠᠢ᠍ᠮᠠᠳᠤᠭᠠᠷ ᠲᠤᠭᠤᠷᠢᠨ ᠪᠠᠢᠴᠠᠭᠠᠵᠤ ᠵᠢᠯᠤᠭᠤᠳᠬᠤ ᠲᠤᠭᠤᠢᠯᠠᠩ ᠤᠨ ᠲᠠᠷᠤᠭ᠎ᠠ ᠸᠠᠩ ᠢᠤᠢ ᠬᠦᠢ ᠬᠤᠷᠠᠯ ᠳᠤ ᠤᠷᠤᠯᠴᠠᠨ ᠵᠢᠯᠤᠭᠤᠳᠤᠯᠭ᠎ᠠ ᠬᠢᠵᠤ᠂ᠪᠠᠢᠭᠤᠯᠭ᠎ᠠ ᠶᠢᠨ ᠪᠦᠬᠦ ᠺᠠᠳ᠋ᠷ ᠠᠵᠢᠯᠳᠠᠨ ᠬᠤᠷᠠᠯ ᠳᠤ ᠤᠷᠤᠯᠴᠠᠭᠰᠨᠨ ᠪᠠᠢᠨ᠎ᠡ᠃


ᠬᠤᠷᠠᠯ ᠲᠠᠭᠡᠷ᠎ᠠ᠂ ᠯᠢ ᠴᠸᠩ ᠬᠦᠸᠸ ᠡᠴᠨ ᠨᠠᠮ ᠤᠨ ᠤᠳᠤᠷᠢᠳᠬᠤ ᠲᠤᠭᠤᠢᠯᠠᠩ ᠢ ᠲᠦᠯᠤᠭᠡᠯᠡᠡ ᠲᠤᠭᠤᠷᠢᠨ ᠪᠠᠢᠴᠠᠭᠠᠵᠤ ᠵᠢᠯᠤᠭᠤᠳᠬᠤ ᠲᠤᠭᠤᠢᠯᠠᠩ ᠳᠤ ᠤᠢᠷ᠎ᠠ ᠳᠤ ᠦᠷᠨᠢᠬᠦᠯᠦᠭᠰᠨᠨ ᠠᠵᠢᠯ ᠢ ᠬᠠᠷᠢᠭᠤ ᠮᠡᠳᠡᠬᠦᠯᠬᠦ ᠶᠢᠨ ᠬᠠᠮᠳᠤ᠂ ᠨᠠᠮ ᠤᠨ ᠤᠳᠤᠷᠢᠳᠬᠤ ᠲᠤᠭᠤᠢᠯᠠᠩ ᠳᠤ ᠴᠢᠭᠯᠡᠬᠦᠯᠵᠤ ᠪᠠᠢᠴᠠᠭᠠᠭᠰᠨᠨ ᠪᠤᠳᠠᠳᠠᠢ ᠠᠰᠠᠭᠤᠳᠠᠯ ᠳᠤ᠂ ᠨᠢᠭᠡᠳ ᠨᠢᠭᠡ ᠪᠡᠷ ᠪᠠᠢᠷᠢᠯᠠᠭᠤᠯᠤᠳᠠ ᠬᠢᠵᠤ᠂ᠴᠡᠭᠴᠡᠯᠡᠨ ᠦᠭᠡᠷᠡᠴᠢᠯᠡᠬᠦ ᠠᠷᠭ᠎ᠠ ᠠᠪᠴᠠᠯ ᠢ ᠤᠯᠠᠮ ᠨᠢᠭᠡ ᠠᠯᠬᠤᠮ ᠨᠠᠷᠢᠯᠢᠭᠵᠢᠭᠤᠯᠤᠨ᠂ ᠴᠡᠭᠴᠡᠯᠡᠨ ᠦᠭᠡᠷᠡᠴᠢᠯᠡᠬᠦ ᠬᠤᠭᠤᠴᠠᠭ᠎ᠠ ᠪᠤᠯᠤᠨ ᠬᠠᠷᠢᠭᠤᠴᠠᠯᠭᠠᠳᠤ ᠬᠦᠮᠤᠨ ᠶᠢᠠᠨ ᠲᠤᠳᠤᠳᠬᠠᠭᠪᠠ᠃

ᠯᠢ ᠴᠸᠩ ᠬᠦᠸᠸ ᠴᠢᠩᠭᠠᠳᠬᠠᠭᠰᠨᠨ ᠨᠢ᠂ᠢᠯᠡᠷᠡᠬᠦᠯᠦᠭᠰᠨᠨ ᠠᠰᠠᠭᠤᠳᠠᠯ ᠪᠠ ᠴᠡᠭᠴᠡᠯᠡᠨ ᠦᠭᠡᠷᠡᠴᠢᠯᠡᠵᠤ ᠨᠠᠢᠳᠠᠪᠤᠷᠢᠵᠢᠭᠤᠯᠤᠭᠰᠨᠨ ᠠᠵᠢᠯ ᠢ ᠭᠤᠤᠯ ᠰᠡᠳᠤᠪᠳᠤ ᠬᠦᠮᠤᠵᠢᠯ ᠳᠤ ᠢᠮᠠᠭᠳᠠ ᠲᠤᠭᠤᠰᠢᠯᠠᠭᠳᠠᠭᠤᠯᠤᠨ᠂ ᠲᠠᠮᠡᠴᠡᠯ ᠤᠨ ᠵᠤᠷᠢᠭ ᠰᠠᠨᠠᠭ᠎ᠠ ᠶᠢ ᠪᠠᠳᠠᠷᠠᠭᠤᠯᠵᠤ᠂ ᠲᠠᠮᠡᠴᠡᠯ ᠤᠨ ᠴᠢᠳᠠᠪᠤᠷᠢ ᠶᠢ ᠨᠡᠮᠡᠭᠳᠡᠬᠦᠯᠤᠨ᠂ ᠪᠠᠢᠴᠠᠭᠠᠨ ᠢᠯᠡᠷᠬᠦᠯᠦᠭᠰᠨᠨ ᠠᠰᠠᠭᠤᠳᠠᠯ ᠢ ᠦᠨᠡᠨᠬᠦ ᠴᠡᠭᠴᠡᠯᠡᠨ ᠦᠭᠡᠷᠡᠴᠢᠯᠡᠵᠤ᠂ ᠮᠡᠳᠡᠭᠰᠨᠨ ᠲᠠᠷᠤᠢ ᠳᠤᠨᠢ ᠦᠭᠡᠷᠡᠴᠢᠯᠡᠬᠦ᠂ᠰᠤᠷᠤᠯᠴᠠᠬᠤ ᠶᠢᠨ ᠲᠠᠭᠠᠤ ᠦᠭᠡᠷᠡᠴᠢᠯᠡᠬᠦ᠂ ᠪᠠᠢᠴᠠᠭᠠᠬᠤ ᠶᠢᠨ ᠲᠠᠭᠠᠤ ᠦᠭᠡᠷᠡᠴᠢᠯᠡᠬᠦ ᠶᠢ ᠪᠠᠷᠢᠮᠳᠠᠯᠠᠵᠤ᠂ ᠵᠤᠷᠢᠭᠳᠠᠢ ᠪᠡᠷ ᠦᠨᠡᠨ ᠪᠤᠳᠠᠳᠠᠢ ᠶᠠᠪᠤᠭᠳᠠᠭᠤᠯᠤᠨ᠂ ᠴᠡᠭᠴᠡᠯᠡᠨ ᠵᠠᠰᠠᠬᠤ ᠶᠢ ᠰᠠᠢᠳᠤᠷ ᠬᠢᠵᠤ᠂ ᠤᠨᠤᠪᠴᠢᠳᠠᠢ ᠪᠡᠷ ᠲᠦᠷᠤ ᠶᠢᠨ ᠪᠤᠳᠤᠯᠭ᠎ᠠ ᠶᠢ ᠭᠡᠷᠡᠭᠵᠢᠬᠦᠯᠬᠦ ᠶᠢ ᠬᠦᠨᠳᠤᠳᠭᠡᠨ᠂ ᠤᠷᠤᠰᠢᠵᠤ ᠪᠠᠢᠭ᠎ᠠ ᠠᠰᠠᠭᠤᠳᠠᠯ  ᠪᠦᠬᠦᠨ ᠢ ᠴᠡᠭᠴᠡᠯᠡᠨ ᠦᠭᠡᠷᠡᠴᠢᠯᠡᠵᠤ᠂ ᠶᠠᠪᠤᠳᠠᠯ ᠪᠦᠬᠦᠨ ᠢ ᠨᠠᠢᠳᠠᠪᠤᠷᠢᠵᠢᠭᠤᠯᠤᠨ᠂ ᠭᠤᠤᠯ ᠰᠡᠳᠤᠪᠳᠤ ᠬᠦᠮᠤᠵᠢᠯ ᠪᠤᠳᠠᠳᠠᠢ ᠠᠮᠵᠢᠯᠳᠠ ᠤᠯᠬᠤ ᠶᠢ ᠪᠠᠳᠤᠯᠠᠬᠤ ᠭᠡᠷᠡᠭᠳᠡᠢ ᠭᠡᠵᠡᠢ᠃


ᠸᠠᠩ ᠢᠤᠢ ᠬᠦᠢ ᠵᠢᠭᠠᠵᠤ ᠭᠠᠷᠭᠠᠭᠰᠨᠨ ᠨᠢ᠂ ᠤᠯᠤᠰ ᠲᠦᠷᠤ ᠶᠢᠨ ᠵᠤᠭᠰᠤᠴᠨ ᠶᠢ ᠦᠨᠡᠨᠬᠦ ᠲᠠᠭᠡᠭᠰᠢᠯᠡᠬᠦᠯᠵᠤ᠂ ᠦᠵᠡᠯ ᠰᠠᠨᠠᠭ᠎ᠠ ᠪᠠ ᠠᠵᠢᠯᠯᠠᠭ᠎ᠠ ᠪᠠᠨ ᠨᠠᠮ ᠤᠨ ᠲᠦᠪ ᠬᠤᠷᠢᠶᠠᠨ ᠤ ᠡᠯ᠎ᠠ ᠲᠦᠷᠤᠯ ᠤᠨ ᠰᠢᠢᠳᠪᠤᠷᠢᠳᠤ ᠪᠤᠳᠤᠯᠭ᠎ᠠ ᠶᠢᠨ ᠪᠠᠢᠷᠢᠯᠠᠭᠤᠯᠤᠯᠳᠠ ᠲᠠᠢ ᠨᠢᠭᠡᠳᠭᠡᠨ᠂ ᠰᠤᠷᠤᠯᠴᠠᠯᠭ᠎ᠠ ᠬᠦᠮᠤᠵᠢᠯ᠂ ᠪᠠᠢᠴᠠᠭᠠᠨ ᠰᠤᠳᠤᠯᠤᠯᠳᠠ᠂ ᠪᠠᠢᠴᠠᠭᠠᠭᠰᠨᠨ ᠠᠰᠠᠭᠤᠳᠠᠯ᠂ᠴᠡᠭᠴᠡᠯᠡᠨ ᠦᠭᠡᠷᠡᠴᠢᠯᠠᠵᠤ ᠨᠠᠢᠳᠠᠪᠤᠷᠢᠵᠢᠭᠤᠯᠬᠤ ᠲᠦᠷᠪᠠᠨ ᠲᠦᠷᠤᠯ ᠤᠨ ᠠᠷᠭ᠎ᠠ ᠠᠪᠴᠠᠯ ᠢ ᠢᠮᠠᠭᠳᠠ ᠲᠤᠭᠤᠰᠢᠯᠠᠭᠳᠠᠭᠤᠯᠤᠨ᠂ ᠵᠡᠷᠭᠡᠪᠡᠷ ᠤᠷᠤᠭᠰᠢᠯᠠᠵᠤ᠂ ᠪᠠᠢᠴᠠᠭᠠᠨ ᠰᠤᠳᠤᠯᠤᠭᠰᠨᠨ ᠤ ᠰᠠᠭᠤᠷᠢᠨ ᠲᠠᠭᠡᠷ᠎ᠠ ᠲᠤᠰᠬᠠᠢ ᠰᠡᠳᠤᠪᠳᠤ ᠨᠠᠮ ᠤᠨ ᠬᠢᠴᠢᠶᠠᠯ ᠬᠢᠵᠤ᠂ ᠪᠠᠢᠴᠠᠭᠠᠨ ᠰᠤᠳᠤᠯᠤᠭᠰᠨᠨ ᠦᠷ᠎ᠠ ᠪᠦᠳᠤᠭᠡᠯ ᠶᠢᠠᠨ ᠰᠤᠯᠢᠯᠴᠠᠬᠤ ᠶᠢᠨ ᠬᠠᠮᠳᠤ ᠠᠰᠠᠭᠤᠳᠠᠯ ᠶᠢᠠᠨ ᠨᠠᠷᠢᠨ ᠲᠠᠩᠰᠠᠯᠠᠨ᠂ ᠠᠰᠠᠭᠤᠳᠠᠯ ᠳᠤ ᠴᠢᠩᠭ᠎ᠠ ᠶᠢᠠᠷ ᠬᠠᠨᠳᠤᠵᠤ᠂ ᠴᠡᠭᠴᠡᠯᠡᠨ ᠦᠭᠡᠷᠡᠴᠢᠯᠡᠵᠤ ᠨᠠᠢᠳᠠᠪᠤᠷᠢᠵᠢᠭᠤᠯᠬᠤ ᠶᠢ ᠴᠢᠩᠭ᠎ᠠ ᠠᠳᠬᠤᠨ᠂ ᠭᠤᠤᠯ ᠰᠡᠳᠤᠪᠳᠤ ᠬᠦᠮᠤᠵᠢᠯ ᠤᠨ ᠴᠢᠨᠠᠷ ᠰᠠᠢᠳᠠᠢ ᠪᠦᠭᠡᠳ ᠦᠷ᠎ᠠ ᠠᠰᠢᠭ  ᠲᠠᠢ ᠪᠠᠢᠬᠤ ᠶᠢ ᠪᠠᠳᠤᠯᠠᠬᠤ ᠭᠡᠷᠡᠭᠳᠡᠢ ᠭᠡᠵᠡᠢ᠃

ᠡᠮᠦᠨᠡᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ ᠶᠢᠨ ᠨᠠᠮ ᠤᠨ ᠡᠬᠦᠷ 《ᠤᠭ ᠰᠠᠨᠠᠭ᠎ᠠ ᠪᠠᠨ ᠰᠠᠬᠢᠨ ᠲᠠᠩᠭᠠᠷᠢᠭ ᠢ ᠡᠷᠬᠢᠴᠡᠬᠦᠯᠬᠦ》ᠭᠤᠤᠯ ᠰᠡᠳᠤᠪᠳᠤ ᠨᠠᠮ ᠤᠨ ᠡᠳᠤᠷ ᠤᠨ ᠬᠦᠳᠡᠯᠭᠡᠭᠡᠨ ᠦᠷᠨᠢᠬᠦᠯᠦᠭᠰᠨᠨ ᠨᠢ
ᠳᠠᠷᠠᠭᠠᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠪᠠᠢᠭᠤᠯᠭ᠎ᠠ ᠶᠢᠨ ᠨᠠᠮ ᠤᠨ ᠡᠬᠦᠷ ᠡᠴᠨ ᠨᠠᠮ ᠤᠨ ᠤᠳᠤᠷᠢᠳᠬᠤ ᠲᠤᠭᠤᠢᠯᠠᠩ ᠤᠨ ᠱᠦᠵᠢ ᠨᠠᠮ ᠤᠨ ᠬᠢᠴᠢᠶᠡᠯᠯᠡᠭᠡ ᠬᠢᠬᠦ ᠬᠦᠳᠡᠯᠭᠡᠭᠡᠨ ᠦᠷᠨᠢᠬᠦᠯᠦᠭᠰᠨᠨ ᠨᠢ