ᠤᠳᠤ ᠶᠢᠨ ᠪᠠᠢ᠌ᠷᠢ᠄ ᠲᠦᠯᠤᠭᠡᠯᠡᠭᠴᠢ ᠶᠢᠨ ᠭᠡᠷ ᠪᠦᠯᠢ → ᠡᠤ ᠶᠦᠨ ᠪᠦᠸᠸ ᠮᠠᠯᠴᠢᠨ ᠲᠠᠷᠢᠶᠠᠴᠢᠳ ᠤᠨ᠁
ᠡᠤ ᠶᠦᠨ ᠪᠦᠸᠸ ᠮᠠᠯᠴᠢᠨ ᠲᠠᠷᠢᠶᠠᠴᠢᠳ ᠤᠨ ᠰᠡᠳᠬᠢᠯ ᠤᠨ ᠲᠠᠭᠤᠨ ᠢ ᠠᠪᠴᠤ ᠪᠦᠬᠦ ᠤᠯᠤᠰ ᠤᠨ《ᠬᠤᠶᠠᠷ ᠬᠤᠷᠠᠯ》᠋ ᠳᠤ ᠤᠴᠢᠬᠤ ᠪᠡᠷ ᠪᠠ᠋ᠢᠭ᠎ᠠ

      ᠲᠦᠩᠯᠢᠶᠤᠤ ᠬᠤᠳᠠ ᠶᠢᠨ ᠵᠠᠷᠤᠤᠨ ᠬᠤᠰᠢᠭᠤᠨ ᠤ ᠪᠠᠶᠠᠨᠳᠠᠯ᠎ᠠ ᠰᠤᠮᠤ ᠶᠢᠨ ᠵᠡᠬᠦᠨ ᠰᠠᠯᠠᠭ᠎ᠠ ᠭᠠᠴᠠᠭᠠᠨ ᠤ ᠨᠠᠮ ᠤᠨ ᠡᠬᠦᠷ ᠤᠨ ᠱᠦᠵᠢ ᠡᠤ ᠶᠦᠨ ᠪᠦᠸᠸ ᠪᠦᠬᠦ ᠤᠯᠤᠰ ᠤᠨ ᠠᠷᠠᠳ ᠤᠨ ᠲᠦᠯᠤᠭᠡᠯᠡᠭᠴᠢ ᠪᠡᠷ ᠰᠤᠩᠭᠤᠭᠳᠠᠵᠤ᠂ ᠪᠦᠬᠦ ᠤᠷᠤᠨ ᠤ ᠴᠦᠭᠡᠨ ᠭᠡᠳᠤᠨ ᠮᠠᠯᠴᠢᠨ ᠲᠠᠷᠢᠶᠠᠴᠢᠨ ᠲᠦᠯᠤᠭᠡᠯᠡᠭᠴᠢ ᠶᠢᠨ ᠨᠢᠭᠡ ᠨᠢ ᠪᠤᠯᠤᠭᠰᠨᠨ ᠪᠠᠢ᠌ᠨ᠎ᠡ᠃ ᠬᠠᠮᠤᠭ ᠦᠨᠳᠤᠰᠤᠨ ᠱᠠᠳᠤᠨ ᠤ ᠲᠦᠯᠤᠭᠡᠯᠡᠭᠴᠢ ᠪᠤᠯᠤᠭᠰᠨᠨ ᠤ ᠬᠤᠪᠢ ᠳᠤ ᠲᠠᠷᠨ ᠮᠠᠯᠴᠢᠨ ᠲᠠᠷᠢᠶᠠᠴᠢᠨ ᠤ ᠰᠡᠳᠬᠢᠯ ᠤᠨ ᠲᠠᠭᠤᠨ ᠢ ᠠᠪᠴᠤ ᠪᠦᠬᠦ ᠤᠯᠤᠰ ᠤᠨ ᠠᠷᠪᠠᠨ ᠭᠤᠷᠪᠠᠳᠤᠭᠠᠷ ᠬᠤᠭᠤᠴᠠᠭᠠᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠳᠤ ᠤᠷᠤᠯᠴᠠᠬᠤ ᠪᠡᠷ ᠨᠠᠷᠢᠯᠢᠭ ᠪᠡᠯᠡᠳᠭᠡᠯ ᠬᠢᠭ᠍ᠰᠡᠨ ᠪᠠᠢ᠌ᠨ᠎ᠠ᠃
       ᠦᠨᠤᠳᠤᠷ᠂ ᠡᠤ ᠶᠦᠨ ᠪᠦᠸᠸ ᠭᠠᠴᠠᠭᠠᠨ ᠤ ᠪᠠᠨ《ᠮᠠᠯᠴᠢᠨ ᠠᠢᠯ》ᠦᠭᠡᠷ ᠲᠠᠵᠢᠭᠡᠬᠦ ᠲᠤᠰᠬᠠᠢ ᠬᠤᠷᠰᠢᠶᠠᠵᠢᠯ ᠤᠨ ᠶᠢᠠᠨ ᠭᠡᠰᠢᠬᠦᠤᠨ ᠢ ᠴᠤᠭᠯᠠᠭᠤᠯᠤᠨ᠂ ᠲᠠᠷᠠᠭᠠᠴᠢ ᠶᠢᠨ ᠠᠵᠢᠯ ᠶᠢᠠᠨ ᠨᠠᠷᠢᠯᠢᠭ ᠲᠦᠯᠤᠪᠵᠢᠬᠦᠯᠤᠨ ᠪᠠᠢ᠌ᠷᠢᠯᠠᠭᠤᠯᠬᠤ ᠶᠢᠨ ᠬᠠᠮᠳᠤ᠂ ᠬᠤᠷᠰᠢᠶᠠᠵᠢᠯ ᠤᠨ ᠭᠡᠰᠢᠬᠦᠤᠨ ᠤᠨ  ᠶᠢᠠᠨ ᠰᠠᠨᠠᠯ ᠪᠤᠳᠤᠯ ᠢ ᠰᠤᠨᠤᠰᠴᠤ᠂ ᠪᠤᠯᠤᠮᠠᠷ ᠰᠠᠨᠠᠯ ᠢ ᠪᠦᠬᠦ ᠤᠯᠤᠰ ᠤᠨ《ᠬᠤᠶᠠᠷ ᠬᠤᠷᠠᠯ》 ᠋ ᠳᠤ ᠲᠠᠪᠰᠢᠬᠦᠯᠬᠦ ᠪᠠᠷ ᠪᠠᠢᠨ᠎ᠠ᠃
      ᠡᠤ ᠶᠦᠨ ᠪᠦᠸᠸ᠄ ᠲᠠᠷᠠᠭᠠᠴᠢ ᠪᠠᠷ ᠪᠢᠳᠠ ᠪᠦᠬᠦ ᠶᠠᠪᠤᠴᠨ ᠪᠠᠨ ᠤᠯᠠᠮ ᠲᠠᠬᠦᠯᠳᠡᠷᠵᠢᠬᠦᠯᠤᠨ᠂ ᠤᠳᠤ ᠦᠨᠳᠤᠷ ᠦᠨ᠎ᠡ ᠬᠠᠩᠰᠢ ᠲᠠᠢ ᠵᠠᠬ᠎ᠠ ᠲᠠᠯᠭᠡᠬᠦᠷ ᠢ ᠤᠨᠤᠪᠴᠢᠳᠠᠢ ᠰᠤᠩᠭᠤᠵᠤ ᠪᠠᠢ᠌ᠭᠠᠳ ᠪᠦᠳᠤᠭᠡᠭᠳᠡᠬᠦᠨ ᠶᠢᠠᠨ ᠭᠠᠳᠠᠭᠰᠢ ᠪᠠᠨ ᠭᠠᠷᠭᠠᠨ᠎ᠡ᠃
      ᠵᠠᠬ᠎ᠠ ᠲᠠᠯᠭᠡᠬᠦᠷ ᠢ ᠰᠠᠢ᠌ᠬᠠᠨ ᠰᠤᠩᠭᠤᠵᠤ᠂ ᠮᠠᠯᠴᠢᠳ ᠤᠨ ᠪᠤᠷᠳᠤᠭᠰᠨᠨ ᠦᠭᠡᠷ ᠤᠨ ᠮᠢᠬ᠎ᠠ ᠵᠢ ᠨᠠᠷᠢᠯᠢᠭ ᠪᠤᠯᠪᠠᠰᠤᠷᠠᠭᠤᠯᠤᠨ ᠭᠠᠳᠠᠭᠰᠢ ᠭᠠᠷᠭᠠᠬᠤ ᠨᠢ ᠡᠤ ᠶᠦᠨ ᠪᠦᠸᠸ ᠶᠢᠨ ᠤᠳᠠᠭᠠᠨ ᠵᠢᠯ ᠤᠨ ᠬᠦᠰᠡᠯ ᠬᠦᠭᠡᠭᠡᠴᠡᠯᠳᠤᠯ ᠪᠤᠯᠤᠭᠰᠠᠭᠠᠷ ᠢᠷᠡᠵᠠᠢ᠃ ᠡᠨᠡᠬᠦ ᠬᠦᠰᠡᠯ ᠶᠢᠠᠨ ᠪᠠᠶᠡᠯᠡᠬᠦᠯᠬᠦ ᠶᠢᠨ ᠲᠦᠯᠤᠭᠡ᠂ ᠲᠠᠷᠨ 2013 ᠤᠨ ᠳᠤ ᠭᠠᠴᠠᠭᠠᠨ ᠤ ᠪᠠᠨ 207 ᠡᠷᠤᠭᠡ ᠵᠢ ᠲᠠᠢ᠌ᠴᠢᠯᠨᠨ᠂ ᠵᠤᠭᠤᠰ ᠮᠦᠩᠬᠦ᠂ ᠭᠠᠵᠠᠷ ᠰᠢᠷᠤᠢ᠂ ᠮᠠᠯ ᠤᠨᠤᠭ᠎ᠠ ᠪᠡᠷ ᠬᠤᠪᠢ ᠤᠷᠤᠬᠤ ᠭᠡᠯᠪᠡᠷᠢ ᠪᠡᠷ《ᠮᠠᠯᠴᠢᠨ ᠠᠢ᠌ᠯ》ᠦᠭᠡᠷ ᠲᠠᠵᠢᠭᠡᠬᠦ ᠲᠤᠰᠬᠠᠢ ᠬᠤᠷᠰᠢᠶᠠᠵᠢᠯ ᠢ ᠪᠠᠢ᠌ᠭᠤᠯᠤᠨ᠂ ᠦᠪᠡᠷ ᠤᠨ ᠪᠤᠷᠳᠤᠭᠰᠨᠨ ᠦᠭᠡᠷ ᠶᠢᠠᠨ ᠦᠪᠡᠷᠳᠡᠭᠡᠨ ᠠᠯᠠᠵᠤ ᠨᠢᠳᠤᠯᠨᠨ ᠪᠤᠯᠪᠠᠰᠤᠷᠠᠭᠤᠯᠵᠤ᠂ ᠪᠤᠬᠢᠷᠳᠤᠯ ᠦᠭᠡᠢ ᠮᠢᠬᠠᠨ ᠪᠦᠳᠤᠭᠡᠭᠳᠡᠬᠦᠨ ᠪᠤᠯᠭᠠᠨ ᠵᠠᠬ᠎ᠠ ᠲᠠᠯᠭᠡᠬᠦᠷ ᠲᠤ ᠭᠠᠷᠭᠠᠵᠤ ᠪᠠᠢ᠌ᠨ᠎ᠡ᠃ ᠡᠨ᠋ᠨ ᠶᠠᠪᠤᠴᠨ ᠳᠤ ᠬᠤᠷᠰᠢᠶᠠᠵᠢᠯ ᠡᠴᠨ ᠶᠠᠳᠠᠭᠤ ᠡᠷᠤᠭᠡ ᠵᠢ ᠲᠠᠢ᠌ᠴᠢᠯᠠᠬᠤ ᠬᠦᠴᠤᠴᠨ ᠪᠠᠨ ᠲᠠᠰᠤᠷᠠᠯᠳᠠ ᠦᠭᠡᠢ ᠨᠡᠮᠡᠭᠳᠡᠬᠦᠯᠤᠨ᠂ ᠶᠠᠳᠠᠭᠤ ᠡᠷᠤᠭᠡ ᠶᠢᠨ ᠮᠠᠯ ᠤᠨᠤᠭ᠎ᠠ ᠪᠠ ᠶᠠᠳᠠᠭᠤ ᠵᠢ ᠲᠠᠳᠬᠦᠬᠦ ᠵᠢᠭᠡᠯᠡᠯᠭᠡ ᠶᠢᠨ ᠮᠦᠩᠬᠦ ᠪᠡᠷ ᠶᠢᠠᠨ ᠬᠤᠷᠰᠢᠶᠠᠵᠢᠯ ᠳᠤ ᠬᠤᠪᠢ ᠤᠷᠤᠬᠤ ᠵᠢ ᠵᠤᠷᠢᠭᠵᠢᠭᠤᠯᠵᠤ᠂ ᠭᠠᠴᠠᠭᠠᠨ ᠤ ᠪᠠᠨ 77 ᠶᠠᠳᠠᠭᠤ ᠡᠷᠤᠭᠡ ᠵᠢ ᠲᠠᠢ᠌ᠴᠢᠯᠨᠨ ᠶᠠᠳᠠᠭᠤ ᠡᠴᠨ ᠠᠩᠬᠢᠵᠢᠷᠠᠭᠤᠯᠤᠭᠰᠨᠨ ᠰᠠᠭᠤᠷᠢᠨ ᠲᠠᠭᠡᠷ᠎ᠠ ᠤᠳᠤ ᠪᠠᠶᠠᠨᠳᠠᠯ᠎ᠠ ᠰᠤᠮᠤ ᠶᠢᠨ ᠶᠢᠠᠨ 22 ᠭᠠᠴᠠᠭ᠎ᠠ ᠲᠤᠰᠬᠤᠨ ᠤ 130 ᠶᠠᠳᠠᠭᠤ ᠡᠷᠤᠭᠡ ᠵᠢ ᠶᠠᠳᠠᠭᠤ ᠡᠴᠨ ᠠᠩᠬᠢᠵᠢᠷᠠᠭᠤᠯᠬᠤ ᠬᠦᠨᠳᠤ ᠡᠬᠦᠷᠭᠡ ᠵᠢ ᠲᠠᠭᠠᠭᠠᠴᠢᠯᠠᠵᠤ ᠠᠪᠤᠭᠰᠨᠨ ᠪᠠᠢ᠌ᠨ᠎ᠠ᠃
      ᠡᠤ ᠶᠦᠨ ᠪᠦᠸᠸ᠄ ᠤᠳᠤ ᠳᠤ᠂ ᠶᠠᠳᠠᠭᠤ ᠡᠴᠨ ᠠᠩᠬᠢᠵᠢᠷᠠᠭᠤᠯᠬᠤ ᠪᠤᠯ ᠰᠢ ᠵᠢᠨ ᠫᠢᠩ ᠲᠠᠷᠢᠬᠦᠯᠡᠭᠴᠢ ᠶᠢᠨ ᠨᠡᠢ᠌ᠳᠠᠮ ᠲᠤᠷᠠᠳᠴᠤ ᠪᠠᠢ᠌ᠭ᠎ᠠ ᠰᠠᠢ᠌᠌ᠨ ᠲᠦᠷᠤ ᠶᠢᠨ ᠪᠤᠳᠤᠯᠭ᠎ᠠ ᠪᠤᠯᠤᠨ᠎ᠠ᠃ ᠡᠢ᠌ᠮᠤ ᠡᠴᠨ ᠪᠢᠳᠠ ᠵᠠᠭᠤᠨ ᠤ ᠬᠤᠶᠠᠷ ᠵᠠᠭᠤ ᠪᠡᠷ ᠴᠢᠷᠮᠠᠢ᠌ᠵᠤ ᠠᠵᠢᠯᠯᠠᠨ᠎ᠡ ᠭᠡᠵᠤ ᠭᠡᠯᠡᠵᠤ ᠪᠠᠢ᠌ᠪᠠ᠃
     ᠲᠠᠪᠤᠨ ᠵᠢᠯ ᠤᠨ ᠭᠦᠭᠵᠢᠯᠳᠠ ᠪᠡᠷ ᠲᠠᠮᠵᠢᠨ᠂ 《ᠮᠠᠯᠴᠢᠨ ᠠᠢ᠌ᠯ》ᠦᠭᠡᠷ ᠲᠠᠵᠢᠭᠡᠬᠦ ᠬᠤᠷᠰᠢᠶᠠᠵᠢᠯ ᠨᠢ 550 ᠲᠦᠮᠨᠨ ᠲᠦᠬᠦᠷᠢᠭ ᠤᠨ ᠲᠤᠭᠳᠠᠮᠠᠯ ᠬᠦᠷᠤᠩᠭᠡ ᠲᠠᠢ ᠪᠠᠢ᠌ᠭᠰᠨᠨ ᠡᠴᠨ ᠪᠠᠨ ᠤᠳᠤ 3200 ᠲᠦᠮᠨᠨ ᠲᠦᠬᠦᠷᠢᠭ ᠤᠨ ᠲᠤᠭᠳᠠᠮᠠᠯ ᠬᠦᠷᠤᠩᠭᠡ ᠲᠠᠢ ᠪᠤᠯᠵᠤ ᠬᠦᠭᠵᠢᠨ᠂ 《ᠨᠠᠮ ᠤᠨ ᠡᠬᠦᠷ + ᠬᠤᠷᠰᠢᠶᠠᠵᠢᠯ + ᠰᠠᠭᠤᠷᠢᠨ ᠭᠠᠵᠠᠷ + ᠶᠠᠳᠠᠭᠤ ᠡᠷᠤᠭᠡ》 ᠋ ᠶᠢᠨ ᠰᠢᠨ᠎ᠡ ᠵᠠᠮ ᠶᠢᠠᠷ ᠵᠠᠮᠨᠠᠨ᠂ 2017 ᠤᠨ ᠳᠤ᠂ ᠬᠤᠷᠰᠢᠶᠠᠵᠢᠯ ᠤᠨ ᠶᠡᠷᠤᠩᠭᠡᠢ ᠪᠤᠷᠤᠯᠠᠭᠤᠯᠭ᠎ᠠ 968 ᠲᠦᠮᠨᠨ ᠲᠦᠬᠦᠷᠢᠭ ᠲᠤ ᠬᠦᠷᠴᠤ᠂ 245 ᠲᠦᠮᠨᠨ ᠲᠦᠬᠦᠷᠢᠭ ᠤᠨ ᠴᠡᠪᠡᠷ ᠤᠷᠤᠯᠭ᠎ᠠ ᠤᠯᠵᠤ᠂ ᠭᠡᠰᠢᠬᠦᠤᠨ ᠲᠠᠭᠡᠨ 92 ᠲᠦᠮᠨᠨ ᠲᠦᠬᠦᠷᠢᠭ ᠤᠨ ᠠᠰᠢᠭ ᠬᠤᠪᠢᠶᠠᠷᠢᠯᠠᠨ᠂ ᠬᠤᠪᠢ ᠤᠷᠤᠭᠰᠨᠨ ᠶᠠᠳᠠᠭᠤ ᠡᠷᠤᠭᠡ ᠪᠦᠬᠦᠨ ᠶᠢᠠᠷ ᠶᠢᠠᠨ 15% ᠪᠡᠷ ᠠᠰᠢᠭ ᠬᠤᠪᠢᠶᠠᠷᠢᠯᠠᠭᠰᠨᠨ ᠪᠠᠢ᠌ᠨ᠎ᠡ᠃ ᠡᠢ᠌ᠮᠤ ᠡᠴᠨ᠂ ᠡᠨ᠋ᠨ ᠤᠳᠠᠭᠠᠨ ᠤ ᠪᠦᠬᠦ ᠤᠯᠤᠰ ᠤᠨ《ᠬᠤᠶᠠᠷ ᠬᠤᠷᠠᠯ》 ᠋ ᠳᠤ ᠡᠤ ᠶᠦᠨ ᠪᠦᠸᠸ ᠬᠤᠷᠰᠢᠶᠠᠵᠢᠯ ᠢ ᠭᠡᠷᠬᠢᠨ ᠬᠦᠭᠵᠢᠬᠦᠯᠵᠤ ᠶᠠᠳᠠᠭᠤ ᠡᠴᠨ ᠠᠩᠬᠢᠵᠢᠷᠠᠭᠤᠯᠬᠤ ᠠᠵᠢᠯ ᠳᠤ ᠲᠤᠰᠠᠯᠠᠬᠤ ᠲᠤᠬᠠᠢ ᠰᠠᠨᠠᠯ ᠵᠦᠪᠯᠡᠯᠭᠡ ᠲᠠᠪᠰᠢᠬᠦᠯᠬᠦ ᠪᠡᠷ ᠪᠡᠯᠡᠳᠭᠡᠵᠤ᠂ ᠡᠬᠦᠨ ᠲᠠᠢ ᠪᠠᠨ ᠤᠶᠠᠯᠳᠤᠭᠤᠯᠤᠨ ᠬᠤᠳᠠ ᠬᠦᠳᠡᠭᠡ ᠵᠢ ᠬᠠᠮᠳᠤᠪᠠᠷ ᠬᠦᠭᠵᠢᠬᠦᠯᠬᠦ᠂ ᠰᠢᠨ᠎ᠡ ᠡᠨ᠋ᠸᠷᠬᠢ ᠵᠢ ᠠᠰᠢᠭᠯᠠᠬᠤ ᠲᠤᠬᠠᠢ ᠰᠠᠨᠠᠯ ᠵᠦᠪᠯᠡᠯᠭᠡ ᠪᠠᠯᠡᠳᠭᠡᠵᠡᠢ᠃
      ᠡᠤ ᠶᠦᠨ ᠪᠦᠸᠸ ᠭᠡᠯᠡᠭᠰᠨᠨ  ᠨᠢ ᠄ ᠤᠳᠤ ᠶᠠᠳᠠᠭᠤ ᠡᠴᠨ ᠠᠩᠬᠢᠵᠢᠷᠠᠬᠤ ᠰᠠᠭᠤᠷᠢᠨ ᠲᠠᠭᠡᠷ᠎ᠠ ᠬᠤᠳᠠ ᠬᠦᠳᠡᠭᠡ ᠬᠠᠮᠳᠤ ᠪᠡᠷ ᠬᠦᠭᠵᠢᠬᠦ ᠪᠤᠯ ᠪᠠᠰᠨ ᠴᠢᠬᠤᠯᠨ ᠤᠴᠢᠷ᠂ ᠡᠬᠦᠨ ᠲᠠᠢ ᠪᠠᠨ ᠪᠦᠷ ᠲᠠᠭᠠᠯᠳᠤᠵᠤ ᠪᠠᠢ᠌ᠬᠤ ᠤᠴᠢᠷ ᠪᠤᠯᠤᠨ᠎ᠡ᠃ ᠰᠢᠨ᠎ᠡ ᠡᠨ᠋ᠸᠷᠬᠢ ᠭᠡᠰᠡᠨ ᠴᠤ ᠪᠢᠳᠠ ᠪᠠᠢ᠌ᠭᠠᠯᠢ ᠶᠢᠨ ᠤᠷᠴᠢᠨ ᠢ ᠬᠠᠮᠠᠭᠠᠯᠠᠬᠤ ᠡᠬᠦᠳᠡᠨ ᠡᠴᠨ ᠰᠢᠨ᠎ᠡ ᠡᠨ᠋ᠸᠷᠬᠢ ᠢ ᠠᠰᠢᠭᠯᠠᠵᠤ᠂ ᠰᠢᠨ᠎ᠡ ᠪᠡᠷ ᠬᠦᠭᠵᠢᠯᠳᠠ ᠬᠢᠨ᠎ᠡ᠃ ᠡᠬᠦᠨ ᠶᠢᠠᠷ ᠲᠠᠮᠵᠢᠨ᠂ ᠤᠷᠤᠨ ᠨᠤᠳᠤᠭ ᠶᠢᠠᠨ ᠬᠠᠮᠤᠭ ᠰᠡᠬᠦᠯ ᠳᠤ ᠨᠤᠭᠤᠭᠠᠨ ᠪᠦᠷᠢᠳᠤ ᠭᠤᠶᠤ ᠰᠠᠢ᠌ᠬᠠᠨ ᠤᠷᠤᠨ ᠨᠤᠳᠤᠭ ᠪᠤᠯᠭᠠᠨ ᠪᠦᠳᠤᠭᠡᠨ ᠪᠠᠢ᠌ᠭᠤᠯᠤᠶ᠎ᠠ ᠭᠡᠵᠤ ᠪᠤᠳᠤᠵᠤ ᠪᠠᠢ᠌ᠨ᠎ᠡ ᠭᠡᠵᠡᠢ᠃
     ᠡᠤ ᠶᠦᠨ ᠪᠦᠸᠸ ᠨᠡᠩ ᠤᠯᠨᠨ ᠮᠠᠯᠴᠢᠨ ᠲᠠᠷᠢᠶᠠᠴᠢᠳ ᠤᠨ ᠬᠦᠰᠡᠯ ᠪᠤᠳᠤᠯ ᠢ ᠶᠡᠭᠡ ᠬᠤᠷᠠᠯ ᠳᠤ ᠲᠠᠪᠰᠢᠬᠦᠯᠬᠦ ᠭᠡᠵᠤ ᠡᠷᠤᠭᠡ ᠪᠡᠷ ᠬᠦᠨᠵᠡᠭᠡ᠌ᠢᠢ᠌ᠷᠡᠨ ᠮᠠᠯᠴᠢᠨ ᠲᠠᠷᠢᠶᠠᠴᠢᠳ ᠤᠨ ᠰᠠᠨᠠᠯ ᠪᠤᠳᠤᠯ ᠢ ᠰᠤᠨᠤᠰᠤᠨ᠂ ᠪᠡᠯᠡᠳᠭᠡᠭᠰᠨᠨ ᠰᠨᠨᠠᠯ ᠵᠦᠪᠯᠡᠯᠭᠡ ᠪᠠᠨ ᠨᠡᠩ ᠪᠦᠷᠢᠨᠰᠢᠬᠦᠯᠤᠨ ᠲᠠᠬᠦᠯᠳᠡᠷᠵᠢᠬᠦᠯᠵᠤ᠂ ᠨᠡᠩ ᠢᠳᠡᠭᠡᠬᠦᠯᠬᠦ ᠬᠦᠴᠤᠨ ᠲᠠᠢ ᠪᠤᠯᠭᠠᠬᠤ ᠪᠡᠷ ᠴᠢᠷᠮᠠᠢ᠌ᠵᠤ ᠪᠠᠢ᠌ᠨ᠎ᠡ᠃ ᠲᠠᠬᠦᠨ ᠤ ᠶᠠᠷᠢᠬᠤ ᠪᠡᠷ᠂ ᠮᠠᠯᠴᠢᠨ ᠲᠠᠷᠢᠶᠠᠴᠢᠳ ᠲᠠᠬᠦᠨ ᠢ ᠢᠳᠡᠭᠡᠵᠤ ᠪᠦᠬᠦ ᠤᠯᠤᠰ ᠤᠨ ᠠᠷᠠᠳ ᠤᠨ ᠲᠦᠯᠤᠭᠡᠯᠡᠭᠴᠢ ᠪᠡᠷ ᠰᠤᠩᠭᠤᠭᠰᠨᠨ ᠨᠢ ᠵᠦᠪᠭᠡᠨ ᠨᠠᠷ᠎ᠠ ᠲᠦᠷᠤ ᠶᠢᠨ ᠠᠰᠠᠭᠤᠳᠠᠯ ᠪᠢᠰᠢ᠂ ᠨᠡᠩ ᠴᠢᠬᠤᠯᠨ ᠨᠢ ᠮᠠᠯᠴᠢᠳ ᠤᠨ ᠰᠡᠳᠬᠢᠯ ᠤᠨ ᠲᠠᠭᠤᠨ ᠢ ᠶᠡᠭᠡ ᠬᠤᠷᠠᠯ ᠳᠤ ᠲᠠᠪᠰᠢᠬᠦᠯᠤᠨ᠂ ᠬᠠᠨᠤᠮᠵᠢᠳᠠᠢ ᠬᠠᠷᠢᠭᠤᠯᠳᠠ ᠦᠭᠬᠦ ᠤᠴᠢᠷ ᠪᠤᠯᠤᠨ᠎ᠡ᠃ ᠤᠳᠤ ᠮᠠᠨ ᠤ ᠦᠪᠤᠷ ᠮᠤᠩᠭᠤᠯ ᠤᠷᠤᠨ ᠶᠢᠠᠨ ᠲᠦᠯᠤᠭᠡᠯᠡᠵᠤ ᠮᠠᠯᠴᠢᠳ ᠲᠤ ᠭᠠᠷᠬᠤ ᠵᠠᠮ ᠡᠷᠢᠵᠤ ᠦᠭᠬᠦᠨ᠎ᠡ᠃ ᠦᠨᠡᠨᠬᠦ ᠮᠠᠨ ᠤ ᠮᠠᠯᠴᠢᠨ ᠡᠷᠤᠭᠡ ᠳᠤ ᠶᠠᠭᠤ ᠲᠤᠳᠠᠵᠤ ᠪᠠᠢ᠌ᠨ᠎ᠡ ᠭᠡᠰᠡᠨ ᠦᠨᠡᠨ ᠰᠡᠳᠬᠢᠯ ᠤᠨ ᠦᠭᠡ ᠵᠢ ᠪᠢ ᠲᠦᠪ ᠬᠤᠷᠢᠶᠠᠨ ᠳᠤ ᠮᠡᠳᠡᠬᠦᠯᠵᠤ᠂ ᠲᠦᠯᠤᠭᠡᠯᠡᠭᠴᠢ ᠪᠤᠯᠤᠭᠰᠨᠨ ᠡᠬᠦᠷᠭᠡ ᠬᠠᠷᠢᠭᠤᠴᠠᠯᠭ᠎ᠠ ᠪᠠᠨ ᠤᠯᠠᠮ ᠨᠢᠭᠡ ᠠᠯᠬᠤᠮ ᠴᠢᠷᠮᠠᠢ᠌ᠨ ᠰᠠᠢ᠌ᠳᠤᠷ ᠬᠦᠢᠴᠡᠳᠭᠡᠨ᠎ᠡ ᠭᠡᠵᠡᠢ᠃
ᠡᠮᠦᠨᠡᠬᠢ᠄ ᠦᠪᠡᠷᠳᠡᠭᠡᠨ ᠵᠠᠰᠠᠬᠤ ᠤᠷᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠲᠦᠯᠤᠭᠡᠯᠡᠭᠴᠢ ᠪᠤᠤ ᠳ᠋ᠠᠮᠪᠠ ᠮᠠᠯᠴᠢᠨ ᠲᠦᠮᠨᠨ ᠤ ᠪᠠᠨ ᠬᠦᠰᠡᠯ ᠨᠠᠢ᠋ᠳᠠᠯᠭ᠎ᠠ ᠵᠢ ᠠᠪᠴᠤ ᠤᠷᠤᠨ ᠤ《ᠬᠤᠶᠠᠷ ᠬᠤᠷᠠᠯ》 ᠋ ᠳᠤ ᠶᠠᠪᠤᠬᠤ ᠪᠡᠷ ᠪᠠᠢ᠋ᠭ᠎ᠠ
ᠳᠠᠷᠠᠭᠠᠬᠢ᠄ ᠲᠦᠯᠤᠭᠡᠯᠡᠭᠴᠢ ᠶᠢᠨ ᠴᠤᠭ ᠵᠢᠪᠬᠤᠭ᠎ᠠ