ᠤᠳᠤ ᠶᠢᠨ ᠪᠠᠢ᠌ᠷᠢ᠄ ᠴᠢᠬᠤᠯᠠ ᠮᠡᠳᠡᠭᠡ → ᠬᠣᠰᠢ᠍ᠭᠣᠨ ᠤ ᠨᠠᠮ ᠤᠨ ᠬᠣᠷᠢ᠍ᠶᠠᠨ ᠤ ᠠᠷᠠᠳ ᠤᠨ᠁
ᠬᠣᠰᠢ᠍ᠭᠣᠨ ᠤ ᠨᠠᠮ ᠤᠨ ᠬᠣᠷᠢ᠍ᠶᠠᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠤᠨ ᠬᠤᠷᠠᠯ ᠬᠤᠷᠠᠯᠳ᠋ᠤᠭᠰᠠᠨ ᠨᠢ


1 ᠰᠠᠷ᠎ᠠ ᠶᠢᠨ 3 ᠤ ᠡᠳ᠋ᠦᠷ᠂ ᠬᠣᠰᠢ᠍ᠭᠣᠨ ᠤ ᠨᠠᠮ ᠤᠨ ᠬᠣᠷᠢ᠍ᠶᠠᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠤᠨ ᠬᠤᠷᠠᠯ ᠬᠤᠷᠠᠯᠳ᠋ᠤᠪᠠ᠃ ᠬᠤᠷᠠᠯ ᠤᠨ ᠭᠣᠤᠯ ᠡᠭᠦᠷᠭᠡ ᠪᠣᠯ᠂ ᠰᠢ ᠶᠢᠨ ᠫᠢᠩ ᠤᠨ ᠰᠢ᠍ᠨ᠎ᠠ ᠴᠠᠭ ᠦᠶ᠎ᠠ ᠶᠢᠨ ᠳᠤᠮᠳ᠋ᠠᠳ᠋ᠤ ᠤᠯᠤᠰ ᠤᠨ ᠣᠨᠴᠠᠯᠢ᠍ᠭ ᠲᠠᠶ ᠨᠡᠢᠭᠡᠮ ᠵᠢᠷᠤᠮ ᠤᠨ ᠦᠵᠡᠯ ᠰᠠᠨᠠᠭ᠎ᠠ᠂ ᠨᠠᠮ ᠤᠨ ᠠᠷᠪᠠ ᠶᠢ᠍ᠰᠦᠳ᠋ᠦᠭᠡᠷ ᠶᠡᠬᠡ ᠬᠤᠷᠠᠯ᠂ ᠠᠷᠪᠠ ᠶᠢ᠍ᠰᠦᠳ᠋ᠦᠭᠡᠷ ᠬᠤᠭᠤᠴᠠᠭᠠᠨ ᠤ ᠲᠥᠪ ᠬᠣᠷᠢ᠍ᠶᠠᠨ ᠤ ᠬᠣᠶᠠᠳ᠋ᠤᠭᠠᠷ᠂ ᠭᠤᠷᠪᠠᠳ᠋ᠤᠭᠠᠷ᠂ ᠳᠥᠷᠪᠡᠳ᠋ᠦᠭᠡᠷ ᠪᠥᠬᠥᠳ᠋ᠡ ᠬᠤᠷᠠᠯ ᠤᠨ ᠵᠣᠷᠢ᠍ᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠭᠤᠰᠢ᠍ᠯᠠᠭᠤᠯᠵᠤ᠂ ᠰᠢ ᠶᠢᠨ ᠫᠢᠩ ᠶᠡᠷᠦᠩᠬᠡᠶ ᠱᠦ᠋ᠵᠢ ᠶᠢᠨ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠳᠦ᠋ᠷᠢ᠍ᠮ ᠢ ᠪᠠᠷᠢ᠍ᠮᠲᠠᠯᠠᠨ ᠲᠡᠭᠦᠯᠳ᠋ᠡᠷᠵᠢ᠍ᠭᠦᠯᠬᠦ ᠲᠤᠬᠠᠶ ᠴᠢ᠍ᠬᠤᠯᠠ ᠦᠵᠡᠯ ᠰᠠᠨᠠᠭ᠎ᠠ ᠪᠣᠯᠤᠨ ᠥᠪᠥᠷ ᠮᠣᠩᠭ᠋ᠣᠯ ᠳᠤ ᠬᠢᠭ᠍ᠰᠡᠡ ᠴᠢ᠍ᠬᠤᠯᠠ ᠶᠠᠷᠢ᠍ᠶ᠎ᠠ ᠴᠢ᠍ᠬᠤᠯᠠ ᠵᠢᠭᠠᠪᠤᠷᠢ ᠶᠢᠨ ᠵᠣᠷᠢ᠍ᠭ ᠰᠠᠨᠠᠭ᠎ᠠ ᠶᠢ ᠲᠤᠭᠤᠰᠢ᠍ᠯᠠᠭᠤᠯᠵᠤ ᠨᠠᠢ᠌ᠳ᠋ᠠᠪᠤᠷᠢ᠍ᠵᠢ᠍ᠭᠤᠯᠤᠨ᠂ᠥᠪᠡᠷᠲᠡᠭᠡᠨ ᠵᠠᠰᠠᠬᠤ ᠣᠷᠣᠨ ᠤ ᠨᠠᠮ ᠤᠨ ᠬᠣᠷᠢ᠍ᠶ᠎ᠠ ᠪᠣᠯᠤᠨ ᠲᠦ᠋ᠩᠯᠢ᠍ᠶ‍ᠣᠤ ᠬᠣᠲᠠ ᠶᠢᠨ ᠨᠠᠮ ᠤᠨ ᠬᠣᠷᠢ᠍ᠶᠠᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠶᠢᠨ ᠬᠤᠷᠠᠯ ᠤᠨ ᠪᠠᠢ᠌ᠷᠢ᠍ᠯᠠᠭᠤᠯᠤᠯᠲᠠ ᠱᠠᠭᠠᠷᠳ᠋ᠠᠯᠭ᠎ᠠ ᠶᠢ ᠪᠦᠬᠦ ᠲᠠᠯ᠎ᠠ ᠪᠠᠷ ᠨᠠᠢ᠌ᠳ᠋ᠠᠪᠤᠷᠢ᠍ᠵᠢ᠍ᠭᠤᠯᠵᠤ᠂ ᠵᠠᠷᠣᠳ ᠬᠤᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ  ᠤᠨ ᠶᠡᠬᠡ ᠬᠤᠷᠠᠯ ᠤᠨ ᠠᠵᠢ᠍ᠯ ᠤᠨ ᠰᠢ᠍ᠨ᠎ᠠ ᠪᠠᠢᠳ᠋ᠠᠯ ᠢ ᠴᠢ᠍ᠷᠮᠠᠢ᠌ᠨ ᠡᠭᠦᠳᠴᠦ᠂ ᠪᠦᠬᠦ ᠬᠣᠰᠢ᠍ᠭᠤᠨ ᠤ ᠠᠵᠤ ᠠᠬᠤᠶ ᠨᠡᠢᠭᠡᠮ ᠤᠨ ᠦᠨᠳ᠋ᠦᠷ ᠴᠢ᠍ᠨᠠᠷ ᠴᠢᠨᠰᠠᠭᠠᠳᠤ ᠬᠥᠭ᠍ᠵᠢ᠍ᠯᠲᠡ ᠶᠢ ᠳᠦ᠋ᠯᠬᠢᠨ ᠠᠬᠢᠭᠤᠯᠬᠤ ᠳᠤ ᠪᠠᠲᠤ ᠴᠢ᠍ᠩᠭ᠎ᠠ ᠤᠯᠤᠰ ᠲᠥᠷᠦ ᠶᠢᠨ ᠪᠠᠲᠤᠯᠠᠭ᠎ᠠ ᠬᠠᠩᠭ᠋ᠠᠬᠤ ᠶᠠᠪᠤᠳ᠋ᠠᠯ ᠪᠣᠯᠤᠨ᠎ᠠ᠃ ᠪᠠᠶ ᠯᠢ ᠵᠦ᠂ ᠡᠷᠳ᠋ᠡᠨᠢᠬᠦᠦ᠂ ᠵᠧᠦ ᠵᠢᠶᠠᠨ ᠭᠦᠸᠧ᠂ ᠪᠠᠶᠠᠨᠰᠠᠩ᠂ᠰᠦ᠋ᠨ ᠷᠦ ᠴᠢ᠍ᠦ ᠵᠡᠷᠭᠡ ᠳᠡᠳ᠋ ᠭᠠᠵᠠᠷ ᠤᠨ ᠳᠡᠰ ᠡᠴᠡ ᠳᠡᠭᠡᠭ᠍ᠰᠢ᠍ᠬᠢ ᠤᠳ᠋ᠤᠷᠢ᠍ᠳ᠋ᠤᠯᠭ᠎ᠠ ᠬᠤᠷᠠᠯ ᠳᠤ ᠰᠠᠭᠠᠳ᠋ᠠᠪᠠ᠃ 



ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠣᠷᠢ᠍ᠶᠠᠨ ᠤ ᠡᠯ᠎ᠠ ᠲᠤᠰᠬᠠᠶ ᠵᠥᠪᠯᠡᠯ ᠤᠨ ᠡᠷᠬᠢᠯᠡᠭ᠍ᠴᠢ᠂ ᠳᠡᠳ᠋ ᠡᠷᠬᠢᠯᠡᠭ᠍ᠴᠢ᠂ ᠣᠷᠣᠨ᠂ ᠬᠣᠲᠠ᠂ᠬᠣᠰᠢ᠍ᠭᠤ ᠭᠤᠷᠪᠠᠨ ᠱᠠᠲᠤᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠲᠥᠯᠥᠭᠡᠯᠡᠭ᠍ᠴᠢ᠂ᠬᠣᠰᠢ᠍ᠭᠤᠨ ᠤ ᠤᠯᠤᠰ ᠲᠥᠷᠥ ᠶᠢᠨ ᠵᠥᠪᠯᠡᠯᠭᠡᠨ ᠤ ᠪᠠᠢ᠌ᠩᠭ᠋ᠤ ᠶᠢᠨ ᠭᠡᠰᠢ᠍ᠭᠦᠨ ᠪᠠ ᠬᠣᠲᠠ ᠶᠢᠨ ᠲᠡᠰ ᠤᠨ ᠤᠯᠤᠰ ᠲᠥᠷᠥ ᠶᠢᠨ ᠵᠥᠪᠯᠡᠯᠭᠡᠨ ᠤ ᠭᠡᠰᠢ᠍ᠭᠦᠨ᠂ ᠡᠯ᠎ᠠ ᠰᠤᠮᠤ ᠪᠠᠯᠭᠠᠰᠤ ᠲᠠᠯᠠᠪᠠᠢ ᠶᠢᠨ ᠨᠠᠮ ᠤᠨ ᠬᠣᠷᠢ᠍ᠶᠠᠨ ᠤ ᠱᠦ᠋ᠵᠢ᠂ ᠯᠦ᠋ᠪᠸᠢ ᠵᠡᠭᠡᠯᠢ ᠭᠤᠳ᠋ᠤᠮᠵᠢ ᠶᠢᠨ ᠨᠠᠮ ᠤᠨ ᠠᠵᠢ᠍ᠯᠯᠠᠬᠤ ᠬᠣᠷᠢ᠍ᠶᠠᠨ ᠤ ᠱᠦ᠋ᠵᠢ᠂ᠳᠡᠳ᠋ ᠱᠦ᠋ᠵᠢ᠂ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠲᠡᠷᠢ᠍ᠭᠦᠯᠡᠭ᠍ᠴᠢ᠂ ᠬᠣᠰᠢ᠍ᠭᠤᠨ ᠤ ᠰᠢ᠍ᠭᠤᠳ ᠬᠠᠷᠢ᠍ᠶ᠎ᠠ ᠵᠢᠴᠢ ᠳᠦ᠋ᠪ ᠣᠷᠣᠨ ᠬᠣᠲᠠ ᠶᠢᠨ ᠰᠢ᠍ᠭᠤᠳ ᠬᠠᠷᠢ᠍ᠶ᠎ᠠ ᠡᠯ᠎ᠠ ᠪᠠᠢ᠌ᠭᠤᠯᠭ᠎ᠠ ᠶᠢᠨ ᠭᠣᠤᠯ ᠬᠠᠷᠢ᠍ᠭᠤᠴᠠᠯᠭᠠᠲᠠᠨ ᠨᠡᠢ᠌ᠲᠡ 200 ᠭᠠᠷᠤᠶ ᠬᠥᠮᠦᠨ ᠬᠤᠷᠠᠯ ᠳᠤ ᠣᠷᠣᠯᠴᠠᠵᠠᠭᠠᠪᠠ᠂ ᠬᠤᠷᠠᠯ ᠢ ᠬᠣᠰᠢ᠍ᠭᠤᠨ ᠤ ᠨᠠᠮ ᠤᠨ ᠬᠣᠷᠢ᠍ᠶᠠᠨ ᠤ ᠳᠡᠳ᠋ ᠱᠦ᠋ᠵᠢ᠂ᠬᠣᠰᠢ᠍ᠭᠤᠨ ᠳᠠᠷᠤᠭ᠎ᠠ ᠡᠷᠳ᠋ᠡᠨᠢ᠍ᠬᠦᠦ ᠡᠷᠬᠢᠯᠡᠪᠡ᠃

ᠪᠠᠶ ᠯᠢ ᠵᠣ ᠭᠡᠯᠡᠭ᠍ᠰᠡᠨ ᠨᠢ᠂ ᠡᠯ᠎ᠠ ᠭᠠᠵᠠᠷ ᠡᠯ᠎ᠠ ᠰᠠᠯᠠᠭ᠎ᠠ ᠮᠥᠴᠢ᠍ᠷ ᠤᠨ ᠬᠢᠨ ᠲᠥᠪ ᠬᠣᠷᠢ᠍ᠶ᠎ᠠ᠂ ᠥᠪᠡᠷᠲᠡᠭᠡᠨ ᠵᠠᠰᠠᠬᠤ ᠣᠷᠣᠨ᠂ ᠲᠦ᠋ᠩᠯᠢ᠍ᠶ‍ᠣᠤ ᠬᠣᠲᠠ ᠶᠢᠨ ᠬᠤᠷᠠᠯ ᠤᠨ ᠵᠤᠷᠢ᠍ᠭ ᠰᠠᠨᠠᠭᠠᠨ ᠤ ᠮᠦ᠋ᠨ ᠴᠢ᠍ᠨᠠᠷ ᠢ ᠭᠦᠨᠵᠡᠭᠡᠶ ᠰᠤᠷᠤᠯᠴᠠᠨ ᠣᠢᠯᠠᠭᠠᠵᠤ᠂ ᠤᠬᠠᠮᠰᠠᠷ ᠡᠴᠡ ᠪᠠᠨ ᠦᠵᠡᠯ ᠰᠠᠨᠠᠭ᠎ᠠ ᠪᠣᠯᠤᠨ ᠦᠢ᠍ᠯᠡ ᠠᠵᠢ᠍ᠯᠯᠠᠭ᠎ᠠ ᠪᠠᠨ ᠰᠢ ᠶᠢᠨ ᠫᠢᠩ ᠶᠡᠷᠦᠩᠬᠡᠶ ᠱᠦ᠋ᠵᠢ ᠶᠢᠨ ᠴᠢ᠍ᠬᠤᠯᠠ ᠶᠠᠷᠢ᠍ᠶᠠᠨ ᠤ ᠵᠣᠷᠢ᠍ᠭ ᠰᠠᠨᠠᠭ᠎ᠠ ᠲᠠᠶ ᠨᠢ᠍ᠭᠡᠳᠭᠡᠨ᠂ ᠤᠯᠤᠰ ᠲᠥᠷᠥ ᠪᠣᠯᠤᠨ ᠪᠦᠬᠦ ᠲᠠᠯ᠎ᠠ ᠶᠢᠨ ᠦᠨᠳ᠋ᠦᠷᠴᠡ ᠡᠴᠡ ᠪᠦᠬᠦ ᠲᠠᠯ᠎ᠠ ᠶᠢ ᠡᠵᠡᠮᠳ᠋ᠡᠵᠦ᠂ ᠣᠨᠣᠯ ᠪᠣᠯᠤᠨ ᠦᠢᠯᠡᠳ᠋ᠦᠯᠭᠡ ᠶᠢᠨ ᠤᠶᠠᠯᠳ᠋ᠤᠯ ᠡᠴᠡ ᠣᠢᠯᠠᠭᠠᠯᠲᠠ ᠪᠠᠨ ᠬᠦᠨᠵᠡᠭᠡᠢ᠌ᠷᠡᠬᠦᠯᠤᠨ᠂ ᠰᠢ᠍ᠨ᠎ᠠ ᠪᠠᠢᠳ᠋ᠠᠯ ᠳᠣᠤᠷᠠᠬᠢ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠢ ᠰᠠᠢᠲᠤᠷ ᠬᠢᠬᠦ ᠪᠠᠴᠢ᠍ᠮ ᠳᠣᠯᠭᠠᠮ᠎ᠠ ᠰᠡᠳᠭᠢᠯᠭᠡ ᠪᠣᠯᠤᠨ ᠬᠠᠷᠢ᠍ᠭᠤᠴᠠᠯᠭᠠᠲᠤ ᠰᠡᠳᠬᠢᠯᠭᠡ ᠪᠡᠨ ᠲᠠᠰᠤᠷᠠᠯᠲᠠ ᠦᠭᠡᠶ ᠴᠢ᠍ᠩᠭ᠋ᠠᠳᠬᠠᠵᠤ᠂ ᠨᠠᠮ ᠤᠨ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠳ᠋ᠠᠬᠢ ᠤᠳ᠋ᠤᠷᠢ᠍ᠳ᠋ᠤᠯᠭ᠎ᠠ ᠶᠢ ᠲᠠᠰᠤᠷᠠᠯᠲᠠ ᠦᠭᠡᠶ ᠴᠢ᠍ᠩᠭ᠋ᠠᠳᠬᠠᠵᠤ ᠰᠠᠢᠵᠢ᠍ᠷᠠᠭᠤᠯᠤᠨ᠂ᠨᠠᠩ ᠪᠣᠳ᠋ᠠᠲᠠᠶ ᠶᠢ ᠡᠷᠬᠢᠮᠯᠡᠭ᠍ᠰᠡᠨ ᠠᠷᠭ᠎ᠠ ᠬᠡᠮᠵᠢ᠍ᠶ᠎ᠠ ᠪᠡᠷ ᠪᠦᠬᠦ ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠤᠨ ᠰᠢ᠍ᠨ᠎ᠠ ᠱᠠᠳ᠋ᠣᠨ ᠳ᠋ᠥ ᠠᠯᠬᠣᠨ ᠣᠷᠣᠬᠣ ᠵᠢ ᠳᠦ᠋ᠯᠬᠢᠨ ᠠᠬᠢᠭᠤᠯᠬᠤ ᠬᠡᠷᠡᠭ᠍ᠲᠡᠶ ᠭᠡᠵᠡᠢ᠃

ᠪᠠᠶ ᠯᠢ ᠵᠦ ᠴᠢᠩᠭᠠᠳᠬᠠᠭᠰᠨᠨ ᠨᠢ᠂ ᠡᠯ᠎ᠠ ᠭᠠᠵᠠᠷ ᠡᠯ᠎ᠠ ᠰᠠᠯᠠᠭ᠎ᠠ ᠮᠥᠴᠢ᠍ᠷ ᠤᠨ ᠬᠢᠨ ᠨᠠᠮ ᠤᠨ ᠪᠦᠬᠦ ᠲᠠᠯ᠎ᠠ ᠶᠢᠨ ᠤᠳ᠋ᠤᠷᠢ᠍ᠳ᠋ᠤᠯᠭ᠎ᠠ ᠶᠢ ᠢᠮᠠᠭᠲᠠ ᠪᠠᠷᠢ᠍ᠮᠲᠠᠯᠠᠨ ᠴᠢ᠍ᠩᠭ᠋ᠠᠳᠬᠠᠵᠤ᠂ ᠰᠢ᠍ᠨ᠎ᠠ ᠴᠠᠭ ᠦᠶ᠎ᠠ ᠶᠢᠨ ᠠᠷᠠᠳ ᠤᠨ ᠲᠥᠯᠥᠭᠡᠯᠡᠭ᠍ᠴᠢ᠍ᠳ  ᠤᠨ ᠶᠡᠬᠡ ᠬᠤᠷᠠᠯ ᠤᠨ ᠠᠵᠢ᠍ᠯ ᠤᠨ ᠵᠥᠪ ᠣᠨᠣᠪᠴᠢ᠍ᠲᠠᠶ ᠤᠯᠤᠰ ᠲᠥᠷᠦ ᠶᠢᠨ ᠴᠢᠭ᠍ᠯᠡᠯ ᠢ ᠪᠠᠲᠤ ᠡᠵᠡᠮᠳ᠋ᠡᠬᠦ ᠬᠡᠷᠡᠭ᠍ᠲᠡᠶ᠃ ᠨᠠᠮ ᠤᠨ ᠤᠳ᠋ᠤᠷᠢ᠍ᠳ᠋ᠤᠯᠭ᠎ᠠ ᠪᠣᠯ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠳᠦ᠋ᠷᠢ᠍ᠮ ᠤᠨ ᠮᠥᠨ ᠴᠢ᠍ᠨᠠᠷ ᠤᠨ ᠱᠠᠭᠠᠷᠳ᠋ᠠᠯᠭ᠎ᠠ ᠪᠠ ᠬᠠᠮᠤᠭ ᠤᠨ ᠶᠡᠬᠡ ᠳᠠᠪᠠᠭᠤᠯᠢ᠍ᠭ ᠮᠥᠨ᠂ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠢ ᠰᠠᠢᠲᠤᠷ ᠬᠢᠬᠦ ᠶᠢᠨ ᠦᠨᠳ᠋ᠦᠰᠦᠨ ᠪᠠᠲᠤᠯᠠᠭ᠎ᠠ ᠪᠠ ᠵᠠᠩᠭᠢᠯᠠᠭ᠎ᠠ ᠮᠥᠨ᠃ ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ  ᠤᠨ ᠶᠡᠬᠡ ᠬᠤᠷᠠᠯ ᠨᠢ ᠨᠠᠮ ᠤᠨ ᠤᠳ᠋ᠤᠷᠢ᠍ᠳ᠋ᠤᠯᠭ᠎ᠠ ᠳᠣᠤᠷᠠᠬᠢ ᠤᠯᠤᠰ ᠲᠥᠷᠥ ᠶᠢᠨ ᠪᠠᠢᠭᠤᠯᠭ᠎ᠠ ᠪᠣᠯᠤᠭᠰᠠᠨ ᠤ ᠬᠤᠪᠢ ᠳᠤ᠂ ᠲᠠᠨᠢ᠍ᠯᠲᠠ ᠪᠠᠨ ᠭᠦᠨᠵᠡᠭᠡᠢᠷᠡᠭᠦᠯᠦᠨ᠂ ᠮᠡᠳ᠋ᠡᠷᠡᠮᠵᠢ ᠪᠡᠨ ᠴᠢ᠍ᠩᠭ᠋ᠠᠳᠬᠠᠵᠤ᠂ 《ᠳᠥᠷᠪᠡᠨ ᠤᠬᠠᠮᠰᠠᠷ》 ᠶᠢᠡᠨ ᠦᠨᠡᠨᠬᠦ ᠨᠡᠮᠡᠭ᠍ᠳ᠋ᠡᠬᠦᠯᠤᠨ᠂ 《ᠳᠥᠷᠪᠡᠨ ᠢᠲᠡᠭᠡᠯ》 ᠶᠢᠡᠨ ᠪᠠᠲᠤᠳᠬᠠᠵᠤ᠂ 《ᠬᠣᠶᠠᠷ ᠢ ᠬᠠᠮᠠᠭᠠᠯᠠᠬᠤ》 ᠶᠢ ᠡᠷᠡᠰ ᠪᠠᠶᠠᠯᠡᠬᠦᠯᠤᠨ᠂ ᠨᠠᠮ ᠤᠨ ᠤᠳ᠋ᠤᠷᠢ᠍ᠳ᠋ᠤᠯᠭ᠎ᠠ ᠶᠢ ᠪᠥᠬᠥ ᠲᠠᠯ᠎ᠠ ᠪᠠᠷ ᠪᠠᠷᠢ᠍ᠮᠲᠠᠯᠠᠨ ᠴᠢ᠍ᠩᠭ᠋ᠠᠳᠬᠠᠵᠤ᠂ ᠨᠠᠮ ᠤᠨ ᠲᠥᠪ ᠬᠣᠷᠢ᠍ᠶᠠᠨ ᠤ ᠰᠢ᠍ᠢᠳᠪᠦᠷᠢ᠍ᠲᠦ ᠪᠣᠳ᠋ᠣᠯᠭ᠎ᠠ ᠤᠨ ᠪᠠᠢᠷᠢ᠍ᠯᠠᠭᠤᠯᠤᠯᠲᠠ ᠶᠢ ᠨᠠᠢ᠍ᠳ᠋ᠠᠪᠤᠷᠢ᠍ᠵᠢ᠍ᠭᠤᠯᠬᠤ ᠲᠡᠶ ᠨᠢ᠍ᠭᠲᠠ ᠤᠶᠠᠯᠳ᠋ᠤᠭᠤᠯᠤᠨ᠂ ᠦᠨᠳ᠋ᠦᠷ ᠴᠢ᠍ᠨᠰᠠᠭᠠᠳ᠋ᠣ ᠬᠥᠭ᠍ᠵᠢ᠍ᠯᠲᠡ᠂ᠭᠤᠷᠪᠠᠨ ᠶᠡᠬᠡ ᠪᠡᠬᠢᠯᠡᠯᠳ᠋ᠡ ᠰᠢ᠍ᠪᠲᠤᠯᠬᠤ ᠳᠠᠢᠯᠠᠯᠳ᠋ᠤᠭᠠᠨ ᠢ ᠰᠠᠢᠲᠤᠷ ᠬᠢᠬᠦ᠂ ᠠᠮᠢ ᠠᠬᠤᠶ ᠶᠢᠨ ᠣᠷᠴᠢ᠍ᠨ ᠲᠣᠭᠣᠷᠢ᠍ᠨ ᠤ ᠬᠠᠮᠠᠭᠠᠯᠠᠯᠲᠠ᠂ ᠠᠷᠠᠳ ᠤᠨ ᠠᠮᠢ᠍ᠳ᠋ᠤᠷᠠᠯ ᠢ ᠪᠠᠲᠤᠯᠠᠨ ᠰᠠᠢᠵᠢ᠍ᠷᠠᠭᠤᠯᠬᠤ ᠵᠡᠷᠭᠡ ᠭᠣᠤᠯᠳ᠋ᠠᠯᠭᠠᠳ᠋ᠣ ᠠᠵᠢ᠍ᠯ ᠲᠠᠶ ᠤᠶᠠᠯᠳ᠋ᠤᠭᠤᠯᠵᠤ᠂ ᠬᠠᠤᠯᠢ ᠶᠣᠰᠣᠭᠠᠷ ᠲᠤᠰᠢ᠍ᠶᠠᠯ ᠬᠠᠷᠢ᠍ᠭᠤᠴᠠᠯᠭ᠎ᠠ ᠪᠠᠨ ᠭᠦᠶ᠍ᠴᠡᠳᠬᠡᠬᠦ ᠪᠡᠷ ᠳᠠᠮᠵᠢ᠍ᠨ᠂ ᠨᠠᠮ ᠤᠨ ᠤᠳ᠋ᠤᠷᠢ᠍ᠳ᠋ᠤᠯᠭ᠎ᠠ ᠳᠣᠤᠷ᠎ᠠ ᠬᠠᠤᠯᠢ ᠶᠣᠰᠣᠭᠠᠷ ᠤᠯᠤᠰ ᠶᠢᠡᠨ ᠵᠠᠰᠠᠬᠤ᠂ ᠬᠠᠤᠯᠢ ᠪᠠᠷ ᠵᠠᠰᠠᠬᠤ ᠶᠢ ᠴᠢ᠍ᠩᠭ᠎ᠠ ᠭᠡᠷᠡᠭ᠍ᠵᠢ᠍ᠬᠦᠯᠬᠦ ᠶᠢ ᠪᠠᠲᠤᠯᠠᠵᠤ᠂ ᠠᠷᠠᠳ ᠣᠯᠠᠨ ᠤ ᠵᠣᠯ ᠵᠢᠷᠭᠠᠯᠳ᠋ᠤ ᠲᠥᠷᠥᠭ᠍ᠳ᠋ᠡᠯ᠂ ᠠᠮᠤᠷ ᠲᠦ᠋ᠪᠰᠢ᠍ᠨ ᠤ ᠲᠥᠷᠥᠭ᠍ᠳ᠋ᠡᠯ ᠢ ᠲᠠᠰᠤᠷᠠᠯᠲᠠ ᠥᠬᠡᠶ ᠳᠡᠭᠡᠭ᠍ᠰᠢ᠍ᠯᠡᠭᠦᠯᠬᠦ ᠬᠡᠷᠡᠭ᠍ᠲᠡᠶ ᠭᠡᠵᠡᠢ᠃

ᠪᠠᠶ ᠯᠢ ᠵᠦ ᠱᠠᠭᠠᠷᠳ᠋ᠠᠭᠰᠨᠨ ᠨᠢ᠂ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠵᠢᠴᠢ ᠪᠠᠢ᠌ᠩᠭ᠋ᠤ ᠶᠢᠨ ᠬᠣᠷᠢ᠍ᠶᠠᠨ ᠤ ᠡᠭᠦᠷᠭᠡ ᠴᠢ᠍ᠳ᠋ᠠᠪᠬᠢ ᠶᠢᠨ ᠦᠢ᠍ᠯᠡᠳ᠋ᠦᠯ ᠢ ᠭᠦᠶ᠍ᠴᠡᠳ ᠪᠠᠳ᠋ᠠᠷᠠᠭᠤᠯᠵᠤ᠂ ᠰᠢ᠍ᠨ᠎ᠠ ᠴᠠᠭ ᠦᠶ᠎ᠠ ᠶᠢᠨ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠤᠨ ᠲᠦ᠋ᠪᠰᠢ᠍ᠨ ᠢ ᠪᠦᠬᠦ ᠲᠠᠯ᠎ᠠ ᠪᠠᠷ ᠳᠡᠭᠡᠭ᠍ᠰᠢ᠍ᠯᠡᠭᠦᠯᠬᠦ ᠬᠡᠷᠡᠭ᠍ᠲᠡᠶ᠃ ᠬᠣᠰᠢ᠍ᠭᠤ᠂ ᠰᠤᠮᠤ ᠪᠠᠯᠭᠠᠰᠤ ᠶᠢᠨ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠨᠢ ᠪᠦᠬᠦ ᠲᠠᠯ᠎ᠠ ᠶᠢᠨ ᠠᠵᠢ᠍ᠯ ᠤᠨ ᠳᠣᠭᠤᠷᠢ᠍ᠨ ᠳ᠋ᠥ᠂ ᠬᠦᠭ᠍ᠵᠢ᠍ᠯᠳ᠋ᠠ ᠲᠡᠶ ᠴᠢ᠍ᠩᠭ᠎ᠠ ᠤᠶᠠᠯᠳ᠋ᠤᠵᠤ᠂ ᠬᠣᠰᠢ᠍ᠭᠣᠨ ᠤ ᠨᠠᠮ ᠤᠨ ᠬᠣᠷᠢ᠍ᠶᠠᠨ ᠤ ᠠᠵᠢ᠍ᠯ ᠤᠨ ᠪᠠᠢ᠌ᠷᠢ᠍ᠯᠠᠭᠤᠯᠤᠯᠲᠠ ᠶᠣᠰᠣᠭᠠᠷ᠂ ᠡᠭᠦᠷᠭᠡ ᠴᠢ᠍ᠳ᠋ᠠᠪᠬᠢ ᠪᠠᠨ ᠭᠦᠢ᠍ᠴᠡᠳᠬᠡᠬᠦ ᠪᠠ ᠪᠦᠬᠦ ᠲᠠᠯ᠎ᠠ ᠶᠢᠨ ᠠᠵᠢ᠍ᠯ ᠤᠨ ᠤᠶᠠᠯᠳ᠋ᠤᠯ ᠤᠨ ᠴᠡᠭ᠌ ᠪᠠ ᠭᠠᠷᠳ᠋ᠠᠨ ᠬᠢᠬᠦ ᠴᠡᠭ᠌ ᠢ ᠣᠨᠣᠪᠴᠢ᠍ᠳ᠋ᠠᠢ ᠡᠷᠢ᠍ᠵᠤ᠂ᠲᠤᠰ ᠪᠡᠶ᠎ᠠ ᠶᠢᠨ ᠰᠢ᠍ᠨᠵᠢ᠍ᠯᠡᠬᠦ ᠤᠬᠠᠭᠠᠨᠴᠢ ᠠᠷᠠᠳᠴᠢ᠍ᠯᠠᠯᠳ᠋ᠣ ᠰᠢ᠌ᠳᠪᠦᠷᠢ᠍ᠲᠦ ᠪᠣᠳ᠋ᠣᠯᠭ᠎ᠠ ᠶᠢᠨ ᠬᠢᠷᠢ ᠲᠦ᠋ᠪᠰᠢ᠍ᠨ ᠶᠢᠠᠨ ᠲᠠᠰᠤᠷᠠᠯᠲᠠ ᠦᠭᠡᠶ ᠳᠡᠭᠡᠭ᠍ᠰᠢ᠍ᠯᠡᠭᠦᠯᠬᠦ ᠬᠡᠷᠡᠭ᠍ᠲᠡᠢ ᠭᠡᠵᠡᠢ᠃

ᠡᠷᠳ᠋ᠡᠨᠢᠬᠦᠦ ᠳ᠋ᠦ᠋ᠩᠨᠡᠯᠲᠡ ᠶᠢᠨ ᠶᠠᠷᠢ᠍ᠶᠠᠨ ᠳᠠᠭᠠᠨ ᠵᠢᠭᠠᠵᠤ ᠭᠠᠷᠭᠠᠭᠰᠠᠨ ᠨᠢ᠂ ᠡᠯ᠎ᠠ ᠭᠠᠵᠠᠷ᠂ ᠡᠯ᠎ᠠ ᠰᠠᠯᠠᠭ᠎ᠠ ᠮᠥᠴᠢ᠍ᠷ ᠤᠨ ᠬᠢᠨ ᠨᠠᠮ ᠤᠨ ᠤᠳ᠋ᠤᠷᠢ᠍ᠳ᠋ᠤᠯᠭ᠎ᠠ ᠶᠢ ᠴᠢ᠍ᠩᠭ᠋ᠠᠳᠬᠠᠵᠤ᠂ ᠤᠯᠤᠰ ᠲᠥᠷᠦ ᠶᠢᠨ ᠵᠤᠭᠰᠤᠴᠠ ᠪᠠᠨ ᠳᠡᠭᠡᠭ᠍ᠰᠢ᠍ᠯᠡᠭᠦᠯᠬᠦ ᠬᠡᠷᠡᠭ᠍ᠲᠡᠶ᠃ ᠶᠡᠷᠦᠩᠬᠡᠶ ᠱᠦ᠋ᠵᠢ ᠰᠢ ᠶᠢᠨ ᠫᠢᠩ ᠤᠨ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠳᠦ᠋ᠷᠢ᠍ᠮ ᠲᠤᠭᠳ᠋ᠠᠭᠠᠯ ᠢ ᠪᠠᠷᠢ᠍ᠮᠲᠠᠯᠠᠨ ᠲᠡᠭᠦᠯᠳ᠋ᠡᠷᠵᠢ᠍ᠭᠦᠯᠬᠦ ᠲᠤᠬᠠᠶ ᠴᠢ᠍ᠬᠤᠯᠠ ᠦᠵᠡᠯ ᠰᠠᠨᠠᠭᠠᠨ ᠤ ᠴᠢ᠍ᠬᠤᠯᠨ ᠶᠡᠬᠡ ᠴᠠᠭ ᠦᠶ᠎ᠠ ᠶᠢᠨ ᠠᠴᠢ ᠬᠣᠯᠪᠣᠭᠳ᠋ᠠᠯ᠂ ᠤᠨᠤᠯ ᠤᠨ ᠠᠴᠢ ᠬᠣᠯᠪᠣᠭᠳ᠋ᠠᠯ᠂ ᠦᠢᠯᠡᠳ᠋ᠦᠯᠭᠡ ᠶᠢᠨ ᠠᠴᠢ ᠬᠣᠯᠪᠣᠭᠳ᠋ᠠᠯ ᠢ ᠭᠦᠨᠵᠡᠭᠡᠶ ᠣᠢᠯᠭᠠᠨ ᠡᠵᠡᠮᠰᠢ᠍ᠵᠦ᠂ ᠡᠨᠡ ᠬᠦ ᠴᠢ᠍ᠬᠤᠯᠠ ᠦᠵᠡᠯ ᠰᠠᠨᠠᠭ᠎ᠠ ᠶᠢ ᠰᠤᠷᠤᠯᠴᠠᠨ ᠲᠤᠭᠤᠰᠢ᠍ᠯᠠᠭᠤᠯᠬᠤ ᠶᠢ ᠵᠠᠪᠠᠯ ᠰᠤᠷᠬᠤ ᠬᠢᠴᠢ᠍ᠶᠡᠯ ᠪᠠ ᠦᠨᠳ᠋ᠦᠰᠦᠨ ᠪᠣᠯᠪᠠᠰᠤᠷᠠᠯ ᠪᠤᠯᠭᠠᠨ᠂ ᠨᠠᠮ ᠤᠨ ᠤᠳ᠋ᠤᠷᠢ᠍ᠳ᠋ᠤᠯᠭ᠎ᠠ ᠶᠢᠨ ᠡᠯ᠎ᠠ ᠲᠦ᠋ᠷᠦᠯ ᠤᠨ ᠱᠠᠭᠠᠷᠳ᠋ᠠᠯᠭ᠎ᠠ ᠶᠢ ᠪᠦᠬᠦ ᠲᠠᠯ᠎ᠠ ᠪᠠᠷ ᠨᠠᠢᠳ᠋ᠠᠪᠤᠷᠢ᠍ᠵᠢ᠍ᠭᠤᠯᠵᠤ᠂《ᠳᠥᠷᠪᠡᠨ ᠤᠬᠠᠮᠰᠠᠷ》 ᠢ  ᠴᠢ᠍ᠩᠭ᠋ᠠᠳᠬᠠᠵᠤ᠂《ᠳᠥᠷᠪᠡᠨ ᠢᠲᠡᠭᠡᠯ》 ᠢ ᠪᠠᠲᠤᠳᠬᠠᠨ᠂《ᠬᠣᠶᠠᠷ ᠢ ᠬᠠᠮᠠᠭᠠᠯᠠᠬᠤ》 ᠶᠢ ᠪᠡᠶᠡᠯᠡᠭᠦᠯᠵᠦ᠂ ᠨᠠᠮ ᠤᠨ ᠤᠨᠤᠯ ᠪᠠ ᠲᠥᠷᠥ ᠶᠢᠨ ᠪᠣᠳ᠋ᠣᠯᠭ᠎ᠠ ᠶᠢ ᠪᠦᠬᠦ ᠲᠠᠯ᠎ᠠ ᠪᠠᠷ ᠲᠤᠭᠤᠰᠢ᠍ᠯᠠᠭᠤᠯᠤᠨ ᠨᠠᠢᠳ᠋ᠠᠪᠤᠷᠢ᠍ᠵᠢ᠍ᠭᠤᠯᠬᠤ ᠶᠢ ᠦᠨᠡᠨᠬᠦ ᠪᠠᠲᠤᠯᠠᠬᠤ ᠬᠡᠷᠡᠭ᠍ᠲᠡᠶ ᠭᠡᠵᠡᠢ᠃

ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠣᠷᠢ᠍ᠶᠠᠨ ᠤ ᠡᠷᠬᠢᠯᠡᠭ᠍ᠴᠢ ᠪᠠᠶᠠᠨᠰᠠᠩ ᠱᠠᠭᠠᠷᠳ᠋ᠠᠭᠰᠠᠨ ᠨᠢ᠂ ᠨᠠᠮ ᠤᠨ ᠤᠳ᠋ᠤᠷᠢ᠍ᠳ᠋ᠤᠯᠭ᠎ᠠ ᠶᠢ ᠨᠠᠩ ᠡᠷᠡᠰ ᠪᠠᠳ᠋ᠤ ᠪᠠᠷᠢ᠍ᠮᠳ᠋ᠠᠯᠠᠨ ᠲᠦ᠋ᠰᠢ᠍ᠭᠯᠡᠵᠤ᠂ ᠠᠳ᠋ᠠᠯᠢ ᠱᠠᠳ᠋ᠤᠨ ᠤ ᠨᠠᠮ ᠤᠨ ᠤᠳ᠋ᠤᠷᠢ᠍ᠳ᠋ᠤᠯᠭ᠎ᠠ ᠶᠢ ᠤᠬᠠᠮᠰᠠᠷ ᠡᠴᠨ ᠪᠠᠨ ᠬᠦᠯᠢ᠍ᠶᠠᠨ᠂ ᠨᠠᠮ ᠤᠨ ᠬᠤᠷᠢ᠍ᠶᠠᠨ ᠤ ᠭᠤᠤᠯ ᠠᠵᠢ᠍ᠯ ᠤᠨ ᠡᠬᠦᠷᠭᠡ ᠶᠢᠨ ᠲᠤᠭᠤᠷᠢ᠍ᠨ ᠳ᠋ᠥ᠂ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠠᠵᠢ᠍ᠯ ᠢ ᠲᠦ᠋ᠯᠤᠪᠯᠡᠨ ᠲᠦ᠋ᠯᠬᠢᠨ ᠠᠬᠢᠭᠤᠯᠵᠤ᠂ ᠨᠠᠮ ᠤᠨ ᠤᠳ᠋ᠤᠷᠢ᠍ᠳ᠋ᠤᠯᠭ᠎ᠠ ᠶᠢ ᠪᠠᠷᠢ᠍ᠮᠳ᠋ᠠᠯᠠᠬᠤ ᠶᠢ ᠠᠷᠠᠳ ᠤᠨ ᠲᠦ᠋ᠯᠤᠭᠡᠯᠡᠭ᠍ᠴᠢ᠍ᠳ ᠤᠨ ᠶᠡᠭᠡ ᠬᠤᠷᠠᠯ ᠤᠨ ᠬᠠᠤᠯᠢ ᠶᠤᠰᠤᠭᠠᠷ ᠡᠬᠦᠷᠭᠡ ᠲᠤᠰᠢ᠍ᠶᠠᠯ ᠶᠢᠡᠨ ᠬᠦᠢ᠍ᠴᠡᠳᠭᠡᠬᠦ ᠲᠡᠶ ᠨᠢ᠍ᠭᠡᠳᠭᠡᠬᠦ ᠬᠡᠷᠡᠭ᠍ᠲᠡᠶ ᠭᠡᠵᠡᠢ᠃

ᠬᠤᠷᠠᠯ ᠳᠡᠭᠡᠷ᠎ᠠ᠂ ᠪᠠᠶᠠᠨᠲᠠᠯ᠎ᠠ ᠰᠤᠮᠤ᠂ ᠪᠠᠶᠠᠷᠳ᠋ᠤᠬᠤᠰᠢ᠍ᠭᠤ ᠪᠠᠯᠭᠠᠰᠤ᠂ ᠠᠷᠤ ᠬᠥᠨᠳ᠋ᠡᠯᠡᠨ ᠪᠠᠯᠭᠠᠰᠤ᠂ ᠰᠢ᠍ᠶᠠᠩᠱᠠᠨ ᠪᠠᠯᠭᠠᠰᠤᠨ ᠤ ᠬᠠᠷᠢ᠍ᠭᠤᠴᠠᠯᠭᠠᠲᠠᠨ ᠡᠴᠡ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠤᠨ ᠲᠣᠭᠣᠷᠢ᠍ᠨ ᠳᠤ ᠰᠠᠨᠠᠯ ᠶᠢᠡᠨ ᠰᠣᠯᠢ᠍ᠯᠴᠠᠬᠤ ᠶᠠᠷᠢ᠍ᠶ᠎ᠠ ᠬᠢᠪᠡ᠃

 

ᠡᠮᠦᠨᠡᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠡᠴᠨ ᠲᠦᠷᠪᠠᠨ ᠱᠠᠳᠤᠨ ᠤ ᠠᠷᠠᠳ ᠤᠨ ᠲᠦᠯᠤᠭᠡᠯᠡᠭᠴᠢ ᠶᠢ ᠵᠤᠬᠢᠶᠠᠨ ᠪᠠᠢᠭᠤᠯᠵᠤ ᠬᠤᠰᠢᠭᠤᠨ ᠤ ᠵᠠᠰᠠᠭ ᠤᠨ ᠤᠷᠳᠤᠨ ᠤ2019 ᠤᠨ ᠤ ᠭᠤᠤᠯᠳᠠᠯᠭ᠎ᠠ ᠲᠠᠢ ᠠᠵᠢᠯ ᠳᠤ ᠲᠦᠪᠯᠡᠷᠡᠬᠦᠯᠤᠨ ᠲᠤᠭᠤᠷᠢᠨ ᠪᠠᠢᠴᠠᠭᠠᠯᠳᠠ ᠬᠢᠭᠰᠡᠡ ᠨᠢ
ᠳᠠᠷᠠᠭᠠᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠪᠠᠢᠭᠤᠯᠭ᠎ᠠ ᠶᠢᠨ ᠠᠯᠪᠠᠨ ᠭᠡᠷ ᠤᠨ ᠬᠤᠷᠠᠯ ᠬᠤᠷᠠᠯᠳᠤᠭᠰᠨᠨ ᠨᠢ