ᠨᠠᠮ ᠤᠨ ᠭᠡᠰᠢᠬᠦᠨ ᠬᠤᠰᠢᠭᠤᠴᠢᠯᠠᠨ ᠤᠷᠤᠭᠰᠢᠯᠠᠵᠤ ᠬᠢᠵᠢᠭ᠌ ᠢ ᠡᠰᠡᠷᠬᠦᠴᠡᠬᠦ ᠠᠵᠢᠯ ᠤᠨ ᠪᠠᠢᠷᠢ ᠪᠠᠨ ᠪᠠᠳᠤ ᠰᠠᠬᠢᠵᠤ ᠪᠤᠢ
1ᠰᠠᠷ᠎ᠠ ᠶᠢᠨ30᠋ ᠤ ᠡᠳᠤᠷ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠲᠠᠳ᠋ ᠡᠷᠬᠢᠯᠡᠭᠴᠢ ᠦᠷᠡᠪᠠᠳᠤ ᠤᠷᠢᠳ ᠬᠤᠵᠢᠳ ᠴᠢᠨᠳᠠᠮᠤᠨᠢ ᠰᠤᠮᠤ ᠶᠢᠨ ᠤᠷᠤᠵᠤ ᠭᠠᠷᠬᠤ ᠴᠡᠭ ᠤᠨ ᠬᠢᠵᠢᠭ᠌ ᠤᠨ ᠪᠠᠢᠳᠠᠯ ᠢ ᠭᠡᠮᠵᠢᠨ ᠦᠵᠡᠬᠦ ᠭᠠᠵᠠᠷ ᠪᠠ ᠪᠠᠶᠠᠨᠵᠢᠷᠤᠭᠡ ᠭᠠᠴᠠᠭ᠎ᠠ᠂ ᠴᠢᠨᠳᠠᠮᠤᠨᠢ ᠡᠷᠡᠬᠦᠯ ᠬᠠᠮᠠᠭᠠᠯᠠᠯ ᠤᠨ ᠬᠤᠷᠢᠶ᠎ᠠ ᠵᠡᠷᠭᠡ ᠬᠢᠵᠢᠭ᠌ ᠢ ᠰᠡᠷᠭᠡᠢᠯᠡᠨ ᠡᠵᠡᠮᠳᠡᠬᠦ ᠴᠡᠭ ᠵᠡᠷᠭᠡ ᠪᠤᠳᠠᠳᠠᠢ ᠭᠠᠵᠠᠷ ᠲᠤ ᠬᠦᠷᠴᠤ᠂ ᠬᠢᠵᠢᠭ᠌ ᠢ ᠰᠡᠷᠭᠡᠢᠯᠡᠨ ᠡᠵᠡᠮᠳᠡᠬᠦ ᠠᠵᠢᠯ ᠢ ᠨᠠᠢᠳᠠᠪᠤᠷᠢᠵᠢᠭᠤᠯᠤᠭᠰᠨᠨ ᠪᠠᠢᠳᠠᠯ ᠢ ᠨᠠᠷᠢᠨ ᠤᠢᠯᠠᠭᠠᠬᠤ ᠶᠢᠨ ᠬᠠᠮᠳᠤ᠂ᠨᠢᠭᠡᠳᠤᠭᠡᠷ ᠹᠷᠤᠨᠲ ᠲᠤ ᠠᠵᠢᠯᠯᠠᠨ ᠶᠠᠪᠤᠭ᠎ᠠ ᠠᠵᠢᠯᠳᠠᠳ ᠢ ᠲᠤᠬᠤᠨᠢᠭᠤᠯᠤᠨ ᠦᠵᠡᠵᠤ ᠪᠠᠢᠭ᠎ᠠ ᠪᠠᠨ ᠢᠯᠡᠳᠭᠡᠭᠰᠨᠨ ᠪᠠᠢᠨ᠎ᠡ᠃





ᠦᠷᠡᠪᠠᠳᠤ ᠱᠠᠭᠠᠷᠳᠠᠭᠰᠠᠨ ᠨᠢ᠂ᠴᠢᠨᠳᠠᠮᠤᠨᠢ ᠰᠤᠮᠤ ᠬᠢᠵᠢᠭ᠌ ᠢ ᠰᠡᠷᠭᠡᠢᠯᠡᠨ ᠡᠵᠡᠮᠳᠡᠬᠦ ᠠᠵᠢᠯ ᠢ ᠦᠨᠡᠨᠬᠦ ᠰᠠᠢᠳᠤᠷ ᠬᠢᠵᠤ᠂ ᠡᠮᠨᠡᠬᠦᠯᠬᠦ ᠪᠡᠷ ᠢᠷᠡᠭᠰᠨᠨ ᠬᠠᠯᠠᠭᠤᠷᠠᠵᠤ ᠪᠠᠢᠭ᠎ᠠ ᠡᠪᠡᠳᠴᠢᠳᠠᠨ ᠢ ᠪᠠᠢᠴᠠᠭᠠᠨ ᠲᠠᠮᠳᠡᠭᠯᠡᠨ ᠲᠠᠭᠡᠭᠰᠢ ᠮᠡᠳᠡᠬᠦᠯᠬᠦ ᠭᠡᠷᠡᠭᠳᠡᠢ᠃ᠡᠮᠴᠢ ᠰᠤᠪᠢᠯᠠᠭᠴᠢᠳ ᠤᠨ ᠬᠢᠵᠢᠭ᠌ ᠢ ᠰᠡᠷᠭᠡᠢᠯᠡᠨ ᠡᠵᠡᠮᠳᠡᠬᠦ ᠬᠠᠮᠢᠶ᠎ᠠ ᠪᠦᠬᠦᠢ ᠮᠡᠳᠡᠯᠭᠡ ᠶᠢᠨ ᠪᠤᠯᠪᠠᠰᠤᠷᠠᠯ ᠢ ᠴᠢᠩᠭᠠᠳᠬᠠᠵᠤ᠂ ᠬᠢᠵᠢᠭ᠌ ᠤᠨ ᠪᠠᠢᠳᠠᠯ ᠢ ᠰᠢᠢᠳᠪᠤᠷᠢᠯᠡᠬᠦ ᠪᠠ ᠡᠮᠴᠢᠯᠡᠨ ᠠᠪᠤᠷᠠᠬᠤ ᠬᠢᠷᠢ ᠲᠦᠪᠰᠢᠨ ᠢ ᠲᠠᠭᠡᠭᠰᠢᠯᠡᠬᠦᠯᠬᠦ ᠭᠡᠷᠡᠭᠳᠡᠢ᠃ 24 ᠴᠠᠭ᠋ ᠶᠢᠠᠷ ᠵᠢᠵᠢᠬᠦᠷᠯᠡᠬᠦ ᠲᠦᠷᠢᠮ ᠢ ᠨᠠᠷᠢᠨ ᠬᠢᠨᠠᠮᠠᠭᠠᠢ ᠨᠠᠢᠳᠠᠪᠤᠷᠢᠵᠢᠭᠤᠯᠵᠤ᠂ ᠬᠠᠮᠢᠶ᠎ᠠ ᠪᠦᠬᠦᠢ ᠡᠮ ᠤᠨ ᠲᠦᠷᠤᠯ᠂ ᠪᠠᠭᠠᠵᠢ ᠭᠡᠷᠡᠭᠯᠡᠬᠦᠷ ᠵᠡᠷᠭᠡ ᠡᠳ᠋ ᠪᠤᠳᠠᠰ ᠢ ᠪᠡᠯᠡᠳᠭᠡᠬᠦ ᠭᠡᠷᠡᠭᠳᠡᠢ᠃ ᠬᠢᠵᠢᠭ᠌ ᠢ ᠰᠡᠷᠭᠡᠢᠯᠡᠨ ᠬᠠᠮᠠᠭᠠᠯᠠᠬᠤ ᠮᠡᠳᠡᠯᠭᠡ ᠶᠢᠨ ᠤᠬᠠᠭᠤᠯᠤᠯ ᠤᠨ ᠤᠩᠰᠢᠨ ᠲᠠᠢᠯᠪᠤᠷᠢᠯᠠᠯᠳᠠ ᠶᠢ ᠴᠢᠩᠭᠠᠳᠬᠠᠵᠤ᠂ ᠮᠠᠯᠴᠢᠨ ᠲᠠᠷᠢᠶᠠᠴᠢᠨ ᠤ ᠬᠢᠵᠢᠭ᠌ ᠢ ᠰᠡᠷᠭᠡᠢᠯᠡᠨ ᠡᠵᠡᠮᠳᠡᠬᠦ ᠲᠠᠨᠢᠯᠳᠠ ᠪᠠ ᠬᠤᠪᠢ ᠪᠠᠶ᠎ᠠ ᠶᠢᠨ ᠬᠠᠮᠠᠭᠠᠯᠠᠯᠳᠠ ᠶᠢᠨ ᠴᠢᠳᠠᠪᠤᠷᠢ ᠶᠢ ᠲᠠᠭᠡᠭᠰᠢᠯᠡᠬᠦᠯᠤᠨ᠂ ᠲᠠᠷᠬᠠᠭᠠᠨ ᠤᠯᠠᠮᠵᠢᠯᠠᠬᠤ ᠠᠶᠤᠯ ᠢ ᠬᠠᠮᠤᠭ ᠲᠤᠤᠷ᠎ᠠ ᠭᠡᠮᠵᠢᠶ᠎ᠠ ᠪᠡᠷ ᠬᠢᠵᠠᠭᠠᠷᠯᠠᠬᠤ ᠭᠡᠷᠡᠭᠳᠡᠢ ᠭᠡᠵᠡᠢ᠃