ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠵᠤᠤ ᠪᠠᠢ ᠢᠦᠢ ᠮᠠᠨ ᠤ ᠬᠤᠰᠢ᠍ᠭᠤᠨ ᠳ᠋ᠥ ᠢᠷᠡᠵᠦ ᠪᠠᠢ᠌ᠴᠠᠭᠠᠨ ᠰᠤᠳ᠋ᠤᠯᠤᠯᠳ᠋ᠡ ᠬᠢᠭ᠍ᠰᠡᠨ

4ᠰᠠᠷ᠎ᠠ ᠶᠢᠨ9 ᠊ᠤ ᠡᠳ᠋ᠦᠷ᠂ ᠬᠤᠳ᠋ᠠ ᠶᠢᠨ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠵᠤᠤ ᠪᠠᠢ ᠢᠦᠢ ᠴᠢ᠍ᠪᠠᠭᠠᠳ᠋ᠤ ᠰᠤᠮᠤ ᠳ᠋ᠥ ᠬᠦᠷᠴᠦ ᠶᠠᠳ᠋ᠠᠭᠤ ᠡᠴᠨ ᠠᠩᠬᠢᠵᠢ᠍ᠷᠠᠭᠤᠯᠬᠤ ᠪᠡᠬᠢᠯᠡᠯᠳ᠋ᠡ ᠰᠢ᠍ᠪᠲᠤᠯᠬᠤ ᠠᠵᠢ᠍ᠯ ᠢ ᠪᠠᠢ᠌ᠴᠠᠭᠠᠨ ᠵᠢᠯᠦᠭᠤᠳᠪᠠ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠰᠦ᠋ᠩ ᠯᠢ᠍ᠶᠠᠨ ᠡᠾᠦᠢ᠍ᠢ ᠪᠠᠷ᠎ᠠ ᠪᠤᠯᠤᠨ ᠪᠠᠢ᠌ᠴᠠᠭᠠᠨ ᠰᠤᠳ᠋ᠤᠯᠪᠠ᠃

ᠵᠤᠤ ᠪᠠᠢ ᠢᠦᠢ ᠨᠡᠷ ᠤᠷᠢ᠍ᠳ ᠬᠤᠵᠢ᠍ᠳ ᠴᠢ᠍ᠪᠠᠭᠠᠲᠤ ᠰᠤᠮᠤ ᠶᠢᠨ ᠠᠭᠤᠯᠡ ᠭᠠᠴᠠᠭ᠎ᠠ᠂ ᠪᠠᠶᠠᠨᠬᠤᠸᠨ ᠭᠠᠴᠠᠭ᠎ᠠ ᠳ᠋ᠥ ᠬᠦᠷᠴᠦ ᠶᠠᠳ᠋ᠠᠭᠤ ᠬᠦᠴᠢ᠍ᠷᠳ᠋ᠡᠯᠲᠡᠢ ᠡᠷᠦᠭᠡ ᠶᠢᠨ ᠦᠨᠳ᠋ᠦᠰᠦᠨ ᠦᠢ᠍ᠯᠡᠳᠪᠦᠷᠢ᠍ᠯᠡᠯ ᠠᠮᠢ᠍ᠳ᠋ᠤᠷᠠᠯ ᠤᠨ ᠪᠠᠢ᠌ᠳ᠋ᠠᠯ᠂ ᠶᠠᠳ᠋ᠠᠭᠤ ᠶᠢ ᠳᠡᠳᠬᠦᠬᠦ ᠲᠦ᠋ᠷᠦ ᠶᠢᠨ ᠪᠤᠳ᠋ᠤᠯᠭ᠎ᠠ ᠶᠢ ᠬᠦᠷᠲᠡᠵᠦ ᠪᠠᠢ᠌ᠭ᠎ᠠ ᠪᠠᠢ᠌ᠳ᠋ᠠᠯ᠂ ᠬᠦᠮᠦᠨ ᠪᠦᠷᠢ ᠶᠢᠨ ᠳᠡᠭ᠍ᠰᠢ᠍ᠳᠭᠡᠭ᠍ᠰᠡᠨ ᠤᠷᠤᠯᠭ᠎ᠠ ᠪᠤᠯᠤᠨ ᠬᠠᠨᠤᠮᠵᠢ ᠶᠢᠨ ᠪᠠᠢ᠌ᠳ᠋ᠠᠯ ᠵᠡᠷᠭᠡ ᠶᠢ ᠲᠤᠬᠠᠢ ᠶᠢᠨ ᠭᠠᠵᠠᠷ ᠲᠣ ᠨᠢ ᠤᠢ᠌ᠯᠠᠭᠠᠪᠠ᠃ ᠵᠤᠤ ᠪᠠᠢ ᠢᠦᠢ ᠤᠨᠴᠠᠭᠠᠢ᠌ᠯᠠᠨ ᠶᠠᠳ᠋ᠠᠭᠤ ᠬᠦᠴᠢ᠍ᠷᠳ᠋ᠡᠯᠲᠡᠢ ᠡᠷᠦᠭᠡ ᠶᠢᠨ ᠬᠢᠵᠢ᠍ᠭ᠌ ᠦᠨ ᠪᠠᠢ᠌ᠳ᠋ᠠᠯ ᠤᠨ ᠬᠤᠭᠤᠴᠠᠭᠠᠨ ᠤ ᠠᠵᠢ᠍ᠯ ᠤᠯᠭᠤᠯᠳ᠋ᠠ᠂ ᠰᠤᠷᠤᠯᠴᠠᠯᠭ᠎ᠠ᠂ ᠤᠤᠭᠤᠬᠤ ᠤᠰᠤᠨ ᠤ ᠠᠮᠤᠷ ᠲᠦ᠋ᠪᠰᠢ᠍ᠨ᠂ ᠬᠠᠪᠤᠷ ᠤᠨ ᠲᠠᠷᠢ᠍ᠶᠠᠯᠠᠩ ᠵᠡᠷᠭᠡ ᠲᠠᠯ᠎ᠠ ᠶᠢᠨ ᠪᠠᠢ᠌ᠳ᠋ᠠᠯ ᠢ ᠭᠤᠤᠯᠳ᠋ᠠᠯᠭ᠎ᠠ ᠲᠡᠶ ᠯᠠᠪᠯᠠᠨ ᠠᠰᠠᠭᠤᠵᠤ ᠨᠠᠷᠢ᠍ᠯᠢ᠍ᠭ ᠤᠢ᠌ᠯᠠᠭᠠᠭᠰᠠᠨ ᠪᠠᠢ᠌ᠨ᠎ᠠ᠃

ᠵᠤᠤ ᠪᠠᠢ ᠢᠦᠢ ᠡᠴᠨ ᠶᠠᠳ᠋ᠠᠭᠤ ᠬᠦᠴᠢ᠍ᠷᠳ᠋ᠡᠯᠲᠡᠢ ᠡᠷᠦᠭᠡ ᠶᠢ ᠠᠮᠢ᠍ᠳ᠋ᠦᠷᠠᠯ ᠤᠨ ᠢᠳ᠋ᠡᠭᠡᠯ ᠵᠤᠷᠢ᠍ᠭ ᠶᠢᠡᠨ ᠬᠦᠪᠴᠢ᠍ᠯᠡᠵᠤ᠂ ᠨᠠᠮ ᠪᠠ ᠵᠠᠰᠠᠭ ᠤᠨ ᠤᠷᠳ᠋ᠤᠨ ᠵᠢᠴᠢ ᠨᠡᠢ᠌ᠭᠡᠮ ᠦᠨ ᠡᠯ᠎ᠠ ᠡᠳ᠋ᠡᠭᠡᠳ ᠦᠨ ᠬᠠᠯᠠᠮᠵᠢ᠍ᠯᠠᠯ ᠬᠠᠪᠰᠤᠷᠤᠯᠭ᠎ᠠ ᠲᠤᠤᠷ᠎ᠠ᠂ ᠬᠦᠴᠢ᠍ᠷᠳ᠋ᠡᠯ ᠢ ᠲᠡᠪᠴᠢ᠍ᠨ᠂ ᠡᠷᠳ᠋ᠡᠭᠡᠨ ᠡᠳ᠋ᠦᠷ ᠶᠠᠳ᠋ᠠᠭᠤ ᠡᠴᠨ ᠠᠩᠭᠢᠵᠢ᠍ᠷᠠᠵᠤ᠂ ᠴᠢ᠍ᠨᠡᠭᠡᠯᠢ᠍ᠭ᠌ ᠨᠡᠢ᠌ᠭᠡᠮ ᠳ᠋ᠥ ᠤᠷᠤᠬᠤ ᠶᠢ ᠬᠦᠬᠢᠬᠦᠯᠦᠨ ᠵᠤᠷᠢ᠍ᠭᠵᠢ᠍ᠭᠤᠯᠬᠤ ᠶᠢᠨ ᠬᠠᠮᠳ᠋ᠤ ᠬᠠᠮᠢ᠍ᠶ᠎ᠠ ᠪᠦᠬᠦᠢ ᠰᠠᠯᠠᠭ᠎ᠠ ᠮᠦ᠋ᠴᠢ᠍ᠷ ᠦᠨ ᠬᠠᠷᠢ᠍ᠭᠤᠴᠠᠯᠭᠠᠲᠠᠨ ᠢ ᠶᠠᠳ᠋ᠠᠭᠤ ᠬᠦᠴᠢ᠍ᠷᠲᠡᠢ ᠬᠦᠮᠦᠰ ᠦᠨ ᠪᠤᠳ᠋ᠠᠳ᠋ᠤ ᠬᠦᠴᠢ᠍ᠷᠳ᠋ᠡᠯ ᠢ ᠨᠢ ᠴᠠᠭ ᠲᠤᠬᠠᠢ ᠳ᠋ᠥ ᠨᠢ ᠰᠢ᠌ᠳᠪᠦᠷᠢ᠍ᠯᠡᠨ᠂ ᠠᠵᠢ᠍ᠯ ᠤᠨ ᠨᠠᠢ᠌ᠳ᠋ᠠᠪᠦᠷᠢ᠍ᠵᠢ᠍ᠭᠤᠯᠤᠯᠲᠡ ᠶᠢ ᠴᠢ᠍ᠩᠭ᠎ᠠ ᠠᠳᠬᠤᠵᠤ᠂ ᠬᠠᠷᠢ᠍ᠭᠤᠴᠠᠯᠭ᠎ᠠ ᠪᠠᠨ ᠪᠤᠲᠠᠲᠠᠢ᠌ᠵᠢ᠍ᠭᠤᠯᠤᠨ᠂ ᠲᠤᠳ᠋ᠠᠭᠳ᠋ᠠᠯ ᠶᠢᠡᠨ ᠨᠦ᠋ᠬᠦᠪᠦᠷᠢ᠍ᠯᠡᠵᠤ᠂ ᠶᠠᠳ᠋ᠠᠭᠤ ᠡᠴᠨ ᠠᠩᠬᠢᠵᠢ᠍ᠷᠠᠭᠤᠯᠬᠤ ᠪᠤᠭᠤᠮᠳ᠋ᠠ ᠰᠢ᠍ᠪᠲᠤᠯᠬᠤ ᠲᠠᠢ᠌ᠯᠠᠯᠳ᠋ᠤᠭᠠᠨ ᠤ ᠢᠯᠠᠯᠳ᠋ᠡ ᠶᠢ ᠤᠯᠬᠤ ᠬᠡᠷᠡᠭ᠍ᠲᠡᠢ ᠬᠡᠵᠦ ᠱᠠᠭᠠᠷᠳ᠋ᠠᠪᠠ᠃ (ᠳᠠᠯᠠᠢ)