ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠳᠥᠷᠪᠡᠳ᠋ᠦᠭᠡᠷ ᠬᠤᠷᠠᠯᠳ᠋ᠤᠭᠠᠨ ᠡᠬᠢᠯᠡᠪᠡ
4 ᠰᠠᠷ᠎ᠠ ᠶᠢᠨ 26᠋ ᠤ ᠡᠳ᠋ᠦᠷ᠂ ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠳᠥᠷᠪᠡᠳ᠋ᠦᠭᠡᠷ ᠬᠤᠷᠠᠯᠳ᠋ᠤᠭᠠᠨ ᠬᠣᠰᠢ᠍ᠭᠤᠨ ᠤ ᠰᠣᠶᠣᠯ ᠤᠬᠠᠭᠤᠯᠭ᠎ᠠ ᠶᠢᠨ ᠲᠥᠪ ᠲᠤ ᠡᠬᠢᠯᠡᠪᠡ᠃

ᠥᠨᠥᠳ᠋ᠦᠷ ᠦᠨ ᠶᠡᠬᠡ ᠬᠤᠷᠠᠯ ᠤᠨ ᠭᠦᠶ᠍ᠴᠡᠳᠬᠡᠬᠦ ᠲᠡᠷᠢ᠍ᠭᠦᠯᠡᠭ᠍ᠴᠢ ᠪᠣᠯ ᠪᠠᠶ ᠯᠢ ᠵᠤ᠂ ᠪᠠᠶᠠᠨᠰᠠᠩ᠂ ᠰᠦ᠋ᠨ ᠷᠦ᠋ ᠴᠢ᠍ᠦ᠂ ᠬᠠᠨ ᠹᠸᠩ ᠡᠤ᠂ ᠦᠯᠵᠡᠢ᠌ᠮᠡᠨᠳ᠋ᠣ᠂ᠦᠷᠡᠪᠠᠳ᠋ᠣ᠂ ᠰᠥᠩ ᠯᠢ᠍ᠶᠠᠨ ᠾᠦ᠋ᠢ᠂ ᠶᠠᠩ ᠭᠧ ᠬᠤᠸᠠ᠂ ᠯᠢ ᠴᠧᠩ ᠭᠦᠸᠧ᠂ ᠯᠢ ᠰᠢ᠍ᠶᠠᠩ ᠳ᠋ᠦ᠋ᠩ᠂ ᠯᠢ᠍ᠦ ᠰᠧ ᠴᠤᠤ᠂ ᠯᠢ᠍ᠦ ᠬᠣᠩ ᠭᠧ᠂ ᠡᠣ ᠶᠦ᠋ᠨ ᠪᠥᠸᠧ᠂ ᠯᠢ ᠵᠢ᠍ᠶᠠᠨ᠂ ᠪᠠᠢ ᠯᠢ ᠵᠦ᠂ ᠡᠷᠳᠡᠨᠢᠬᠦᠤ᠂ ᠵᠧᠦ ᠵᠢ᠍ᠶᠠᠨ ᠭᠦᠸᠧ᠂ ᠯᠢ᠍ᠶᠠᠩ ᠲᠢ᠍ᠶᠧ ᠪᠣᠣ᠂ ᠪᠠᠶᠠᠨᠰᠠᠩ᠂ ᠰᠦ᠋ᠨ ᠷᠦ᠋ ᠴᠢ᠍ᠦ᠂ᠡᠤ ᠰᠢ᠍ᠶᠣᠤ᠂ ᠪᠦ᠋ ᠮᠤᠤ ᠰᠢ᠍ᠶᠠᠩ᠂ᠦᠷᠡᠪᠠᠳ᠋ᠣ᠂ ᠰᠦ᠋ᠩ ᠯᠢ᠍ᠶᠠᠨ ᠾᠦ᠋ᠢ ᠲᠡᠷᠢ᠍ᠭᠦᠯᠡᠭ᠍ᠴᠢ ᠶᠢᠨ ᠲᠠᠢᠰᠠᠨ ᠤ ᠡᠮᠦᠨ᠎ᠠ ᠮᠥᠷ ᠲᠤ ᠰᠠᠭᠤᠯᠴᠠᠪᠠ᠂ ᠶᠡᠬᠡ ᠬᠤᠷᠠᠯ ᠤᠨ ᠲᠡᠷᠢ᠍ᠭᠦᠯᠡᠭ᠍ᠴᠢ᠍ᠳ ᠦᠨ ᠪᠦᠯᠬᠦᠮ ᠦᠨ ᠬᠡᠰᠢ᠍ᠬᠦᠳ ᠲᠡᠷᠢ᠍ᠭᠦᠯᠡᠭ᠍ᠴᠢ ᠶᠢᠨ ᠲᠠᠢᠰᠠᠨ ᠳᠤ ᠰᠠᠭᠤᠯᠴᠠᠪᠠ᠃


ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠥᠯᠥᠭᠡᠯᠡᠭ᠍ᠴᠢ 181 ᠬᠥᠮᠦᠨ ᠪᠠᠢ᠌ᠵᠤ᠂ ᠲᠤᠰ ᠤᠳ᠋ᠠᠭᠠᠨ ᠤ ᠪᠦᠭᠦᠳ᠋ᠡ ᠬᠤᠷᠠᠯ ᠳᠤ ᠣᠷᠣᠯᠴᠠᠭᠰᠠᠨ ᠲᠥᠯᠥᠭᠡᠯᠡᠭ᠍ᠴᠢ 166 ᠬᠦᠮᠦᠨ᠂ ᠬᠠᠤᠯᠢ ᠳᠤ ᠲᠣᠭᠲᠠᠭᠰᠠᠨ ᠬᠥᠮᠦᠨ ᠦ ᠲᠣᠭ᠎ᠠ ᠳᠤ ᠨᠡᠢᠴᠡᠨᠠ᠃

ᠬᠣᠰᠢ᠍ᠭᠤᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠣᠷᠢ᠍ᠶᠠᠨ ᠤ ᠡᠷᠬᠢᠯᠡᠭ᠍ᠴᠢ ᠪᠠᠶᠠᠨᠰᠠᠩ ᠬᠤᠷᠠᠯ ᠡᠷᠭᠢᠯᠡᠵᠦ᠂ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠳᠥᠷᠪᠡᠳ᠋ᠦᠭᠡᠷ ᠬᠤᠷᠠᠯᠳ᠋ᠤᠭᠠᠨ ᠡᠬᠢᠯᠡᠭ᠍ᠰᠡᠨ ᠢ ᠵᠠᠷᠯᠠᠪᠠ᠃

ᠬᠤᠷᠠᠯ ᠤᠨ ᠵᠥᠪᠯᠡᠬᠦ ᠵᠦ᠋ᠢ᠍ᠯ ᠢ ᠦᠨᠳ᠋ᠦᠰᠦᠯᠡᠨ᠂ᠬᠣᠰᠢ᠍ᠭᠤᠨ ᠨᠠᠮ ᠤᠨ ᠬᠣᠷᠢ᠍ᠶᠠᠨ ᠤ ᠳᠡᠳ᠋ ᠱᠦ᠋ᠵᠢ᠂ ᠬᠣᠰᠢ᠍ᠭᠤᠨ ᠲᠠᠷᠤᠭ᠎ᠠ ᠡᠷᠳᠡᠨᠢᠬᠦᠤ ᠬᠣᠰᠢ᠍ᠭᠤᠨ ᠵᠠᠰᠠᠭ ᠤᠨ ᠣᠷᠳ᠋ᠣᠨ ᠢ ᠲᠥᠯᠥᠭᠡᠯᠡᠨ ᠶᠡᠬᠡ ᠬᠤᠷᠠᠯ ᠳᠤ ᠵᠠᠰᠠᠭ ᠤᠨ ᠣᠷᠳ᠋ᠣᠨ ᠤ ᠠᠵᠢ᠍ᠯ ᠤᠨ ᠢᠯᠡᠳᠬᠡᠯ ᠬᠢᠪᠠ᠃ ᠠᠵᠢ᠍ᠯ ᠤᠨ ᠢᠯᠡᠳᠬᠡᠯ ᠨᠢ ᠭᠤᠷᠪᠠᠨ ᠬᠡᠰᠡᠭ᠌ ᠶᠢᠡᠷ ᠪᠦᠷᠢ᠍ᠯᠳ᠋ᠦᠪᠡ ᠄ 2019 ᠣᠨ ᠤ ᠠᠵᠢ᠍ᠯ ᠤᠨ ᠡᠷᠭᠢᠴᠡᠭᠦᠯᠦᠯ᠂ 2020 ᠣᠨ ᠤ ᠠᠵᠢ᠍ᠯ ᠢ ᠯᠠᠪᠳ᠋ᠠᠭᠤᠨ ᠪᠠᠲᠤᠲᠠᠶ ᠰᠠᠢᠲᠤᠷ ᠬᠢᠬᠦ ᠬᠡᠷᠡᠭ᠍ᠲᠡᠶ ᠪᠠ ᠵᠠᠰᠠᠭ ᠤᠨ ᠣᠷᠳ᠋ᠣᠨ ᠤ ᠲᠥᠷᠥ ᠪᠠᠷᠢ᠍ᠬᠤ ᠴᠢ᠍ᠳ᠋ᠠᠪᠤᠷᠢ ᠵᠢ ᠪᠦᠬᠦ ᠲᠠᠯ᠎ᠠ ᠪᠠᠷ ᠳᠡᠭᠡᠭ᠍ᠰᠢ᠍ᠯᠡᠭᠦᠯᠦᠨᠠ᠃

ᠡᠷᠳᠡᠨᠢᠬᠦᠤ ᠬᠡᠯᠡᠭ᠍ᠰᠡᠨ ᠨᠢ᠂ ᠨᠢ᠍ᠭᠡ ᠵᠢᠯ ᠤᠨ ᠲᠤᠷᠰᠢ᠂ ᠪᠢᠳ᠋ᠡ ᠢᠮᠠᠭᠲᠠ ᠨᠠᠮ ᠤᠨ ᠤᠳ᠋ᠤᠷᠢ᠍ᠳ᠋ᠤᠯᠭ᠎ᠠ ᠶᠢ ᠪᠠᠷᠢ᠍ᠮᠲᠠᠯᠠᠵᠤ᠂ ᠣᠭ ᠰᠠᠨᠠᠭ᠎ᠠ ᠪᠠᠨ ᠰᠠᠬᠢᠨ᠂ ᠡᠭᠦᠷᠭᠡ ᠬᠠᠷᠢ᠍ᠭᠤᠴᠠᠯᠭ᠎ᠠ ᠪᠠᠨ ᠡᠭᠦᠷᠭᠡᠯᠡᠵᠦ᠂ ᠰᠢ᠍ᠨ᠎ᠠ ᠬᠥᠭ᠍ᠵᠢ᠍ᠯᠲᠡ ᠶᠢᠨ ᠣᠢ᠌ᠯᠠᠭᠠᠭᠳ᠋ᠠᠬᠤᠨ ᠢ ᠲᠤᠭᠤᠰᠢ᠍ᠯᠠᠭᠤᠯᠪᠠ᠃ ᠠᠰᠠᠭᠤᠳ᠋ᠠᠯ ᠳᠤ ᠠᠩᠬᠠᠷᠤᠯ ᠶᠢᠡᠨ ᠲᠥᠪᠯᠡᠷᠡᠭᠦᠯᠦᠨ ᠤᠨᠤᠴᠢ᠍ᠲᠠᠢ ᠬᠦᠴᠦᠯᠡᠵᠦ᠂ ᠬᠣᠷᠢ᠍ᠭᠠ ᠱᠤᠭᠤᠮ ᠢ ᠰᠠᠬᠢᠨ᠂ ᠠᠶᠤᠯ ᠲᠦ᠋ᠭ᠍ᠰᠢ᠍ᠭᠦᠷᠢ ᠶᠢ ᠰᠡᠷᠭᠡᠢ᠌ᠯᠡᠵᠦ᠂ᠭᠤᠷᠪᠠᠨ ᠶᠡᠬᠡ ᠰᠢ᠍ᠪᠳ᠋ᠣᠯᠣᠯᠲᠠ ᠶᠢᠨ ᠳᠠᠢ᠌ᠯᠠᠯᠳ᠋ᠤᠭᠠᠨ ᠤ ᠵᠠᠩᠭᠢᠯᠠᠭ᠎ᠠ ᠶᠢᠨ ᠠᠬᠢᠴᠠ ᠭᠠᠷᠬᠤ ᠶᠢ ᠠᠬᠢᠭᠤᠯᠪᠠ᠃ᠬᠠᠩᠭ᠋ᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢ᠍ᠨᠠᠷᠲᠠᠢ ᠥᠭᠡᠷᠡᠴᠢ᠍ᠯᠡᠯᠲᠡ ᠶᠢ ᠭᠦᠨᠵᠡᠭᠡᠢ᠌ᠷᠡᠭᠦᠯᠵᠦ᠂ ᠨᠡᠮᠡᠭ᠍ᠳ᠋ᠡᠯ ᠢ ᠲᠤᠭᠳᠠᠪᠤᠷᠢᠵᠢᠭᠤᠯᠤᠨ᠂ ᠪᠦᠲᠦᠴᠡ ᠪᠡᠨ ᠲᠤᠬᠢᠷᠠᠭᠤᠯᠵᠤ᠂ ᠠᠵᠤ ᠠᠬᠤᠢ ᠶᠢᠨ ᠬᠦᠭ᠍ᠵᠢ᠍ᠯᠲᠡ ᠶᠢᠨ ᠶᠠᠰᠤ ᠴᠢ᠍ᠨᠠᠷ ᠪᠠ ᠦᠷ᠎ᠠ ᠠᠰᠢ᠍ᠭ ᠲᠣᠭᠲᠠᠭᠤᠨ ᠶᠢᠡᠷ ᠳᠡᠭᠡᠭ᠍ᠰᠢ᠍ᠯᠡᠪᠡ᠃ᠪᠣᠬᠢᠷᠲᠤᠯ ᠦᠭᠡᠶ ᠬᠥᠭ᠍ᠵᠢ᠍ᠯᠲᠡ ᠶᠢ ᠢᠮᠠᠭᠲᠠ ᠪᠠᠷᠢ᠍ᠮᠲᠠᠯᠠᠵᠤ᠂ ᠵᠠᠰᠠᠯᠲᠠ ᠶᠢ ᠠᠳᠬᠤᠨ᠂ᠬᠠᠮᠢ᠍ᠶᠠᠷᠤᠯᠲᠠ ᠪᠡᠨ ᠴᠢ᠍ᠩᠭ᠋ᠠᠳᠬᠠᠵᠤ᠂ ᠠᠮᠢ ᠠᠬᠤᠢ ᠶᠢᠨ ᠪᠣᠯᠪᠠᠰᠤᠨ ᠤ ᠪᠠᠢ᠌ᠭᠤᠯᠤᠯᠲᠠ ᠳ᠋ᠦ ᠢᠯᠡᠳᠲᠡ ᠦᠷ᠎ᠠ ᠪᠦᠲᠦᠮᠵᠢ ᠤᠯᠪᠠ᠃ ᠬᠣᠲᠠ ᠬᠥᠳ᠋ᠡᠭᠡ ᠶᠢ ᠨᠢ᠍ᠭᠡ ᠴᠣᠭᠴᠠᠵᠢ᠍ᠭᠣᠯᠬᠤ ᠬᠥᠭ᠍ᠵᠢ᠍ᠯᠲᠡ ᠶᠢ ᠠᠬᠢᠭᠤᠯᠵᠤ᠂ᠳᠣᠲᠠᠭᠳ᠋ᠠᠯ ᠶᠢᠡᠨ ᠨᠦᠬᠦᠪᠤᠷᠢᠯᠡᠨ᠂ ᠪᠠᠭᠤᠷᠠᠢ ᠲᠠᠯ᠎ᠠ ᠪᠠᠨ ᠬᠦᠴᠦᠷᠬᠡᠭ᠍ᠵᠢ᠍ᠭᠦᠯᠵᠦ᠂ ᠬᠣᠲᠠ ᠬᠥᠳ᠋ᠡᠭᠡ ᠶᠢᠨ ᠣᠷᠴᠢ᠍ᠨ ᠲᠣᠭᠣᠷᠢ᠍ᠨ ᠢ ᠦᠷᠭᠦᠯᠵᠢ᠍ᠯᠡᠨ ᠰᠠᠢ᠌ᠵᠢ᠍ᠷᠠᠭᠤᠯᠪᠠ᠃ ᠥᠭᠡᠷᠡᠴᠢ᠍ᠯᠡᠯᠲᠡ ᠨᠡᠭᠡᠭᠡᠯᠲᠡ ᠶᠢᠨ ᠡᠷᠴᠢ᠍ᠮ ᠶᠢᠠᠨ ᠶᠡᠭᠡᠰᠭᠡᠵᠦ᠂ ᠬᠦᠳ᠋ᠡᠯᠭᠡᠬᠦ ᠬᠦᠴᠦᠨ ᠶᠢᠠᠨ ᠴᠢᠩᠭᠠᠳᠬᠠᠨ᠂ᠠᠮᠢ᠍ᠵᠢ᠍ᠷᠠᠯ ᠤᠨ ᠬᠦᠴᠦᠨ ᠶᠢᠠᠨ ᠨᠡᠮᠡᠭ᠍ᠳ᠋ᠡᠭᠦᠯᠵᠦ᠂ ᠥᠭᠡᠷᠡᠴᠢ᠍ᠯᠡᠯᠲᠡ ᠶᠢᠨ ᠠᠰᠢ᠍ᠭ ᠢ ᠲᠦ᠋ᠷᠭᠡᠨ ᠪᠠᠳ᠋ᠠᠷᠠᠭᠤᠯᠪᠠ᠃ ᠠᠷᠠᠳ ᠲᠦ᠋ᠮᠡᠨ ᠶᠢᠡᠷ ᠭᠣᠤᠯ ᠪᠣᠯᠭᠠᠬᠤ ᠣᠢ᠌ᠯᠠᠭᠠᠭᠳ᠋ᠠᠬᠤᠨ ᠢ ᠪᠠᠷᠢ᠍ᠮᠲᠠᠯᠠᠵᠤ᠂ᠠᠷᠠᠳ ᠤᠨ ᠠᠮᠢ᠍ᠳ᠋ᠤᠷᠠᠯ ᠢ ᠪᠠᠲᠤᠯᠠᠨ᠂ ᠲᠣᠭᠲᠠᠭᠤᠨ ᠪᠠᠢ᠌ᠳ᠋ᠠᠯ ᠢ ᠠᠬᠢᠭᠤᠯᠵᠤ᠂ ᠠᠷᠠᠳ ᠤᠨ ᠠᠮᠢ᠍ᠳ᠋ᠤᠷᠠᠯ ᠤᠨ ᠬᠢᠷᠢ ᠲᠦ᠋ᠪᠰᠢ᠍ᠨ ᠲᠣᠭᠲᠠᠭᠤᠨ ᠶᠢᠡᠷ ᠳᠡᠭᠡᠭ᠍ᠰᠢ᠍ᠯᠡᠪᠡ᠃ ᠪᠦᠬᠦ ᠲᠠᠯ᠎ᠠ ᠪᠠᠷ ᠬᠠᠤᠯᠢ ᠶᠣᠰᠣᠭᠠᠷ ᠡᠭᠦᠷᠭᠡ ᠬᠠᠷᠢ᠍ᠭᠤᠴᠠᠯᠭ᠎ᠠ ᠪᠠᠨ ᠭᠦᠢ᠍ᠴᠡᠳᠭᠡᠵᠦ᠂ ᠦᠷ᠎ᠠ ᠪᠦᠲᠦᠮᠵᠢ ᠪᠠᠨ ᠲᠠᠭᠡᠭᠰᠢᠯᠡᠬᠦᠯᠤᠨ᠂ ᠠᠵᠢ᠍ᠯ ᠤᠨ ᠣᠪᠣᠷ ᠰᠤᠷᠲᠠᠯ ᠶᠢᠡᠨ ᠬᠤᠪᠢᠷᠠᠭᠤᠯᠵᠤ᠂ ᠦᠢ᠍ᠯᠡᠴᠢ᠍ᠯᠡᠭᠡᠨ ᠤ ᠮᠠᠶᠢ᠍ᠭ ᠤᠨ ᠵᠠᠰᠠᠭ ᠤᠨ ᠣᠷᠳ᠋ᠣᠨ ᠤ ᠪᠠᠢ᠌ᠭᠤᠯᠤᠯᠲᠠ ᠰᠢ᠍ᠨ᠎ᠠ ᠠᠬᠢᠴᠠ ᠲᠠᠶ ᠪᠣᠯᠪᠠ ᠭᠡᠵᠠᠢ᠃

ᠡᠷᠳᠡᠨᠢᠬᠦᠤ ᠵᠢᠭᠠᠵᠦ ᠭᠠᠷᠭᠠᠭᠰᠠᠨ ᠨᠢ᠂ ᠡᠨᠡ ᠵᠢᠯ ᠪᠣᠯ ᠴᠢ᠍ᠨᠡᠭᠡᠯᠢ᠍ᠭ᠌ ᠨᠡᠢ᠌ᠭᠡᠮ ᠢ ᠪᠦᠬᠦ ᠲᠠᠯ᠎ᠠ ᠪᠠᠷ ᠪᠠᠢ᠌ᠭᠤᠯᠤᠨ ᠪᠦᠲᠦᠭᠡᠬᠦ ᠪᠠ《ᠠᠷᠪᠠᠨ ᠭᠤᠷᠪᠠᠳ᠋ᠤᠭᠠᠷ ᠲᠠᠪᠤᠨ ᠵᠢᠯ》᠋ ᠤᠨ ᠲᠥᠯᠥᠪᠵᠢ᠍ᠭᠦᠯᠭᠡ ᠶᠢᠨ ᠡᠴᠦᠰ ᠦᠨ ᠵᠢᠯ ᠮᠥᠨ᠂ ᠨᠢ᠍ᠭᠡᠳ᠋ᠦᠭᠡᠷ ᠵᠠᠭᠤᠨ ᠵᠢᠯ ᠤᠨ ᠲᠡᠮᠡᠴᠡᠬᠦ ᠬᠠᠷᠠᠯᠲᠠ ᠪᠠᠨ ᠪᠡᠶᠡᠯᠡᠭᠦᠯᠬᠦ ᠪᠠ《ᠠᠷᠪᠠᠨ ᠳᠥᠷᠪᠡᠳ᠋ᠦᠭᠡᠷ ᠲᠠᠪᠤᠨ ᠵᠢᠯ》᠋ ᠤᠨ ᠲᠥᠯᠥᠪᠵᠢ᠍ᠭᠦᠯᠭᠡ ᠶᠢᠨ ᠠᠵᠢ᠍ᠯ ᠶᠢᠡᠨ ᠲᠦ᠋ᠯᠦᠪᠯᠡᠬᠦ ᠵᠠᠩᠭᠢᠯᠠᠭ᠎ᠠ ᠶᠢᠨ ᠵᠢᠯ ᠮᠥᠨ᠂ ᠵᠠᠰᠠᠭ ᠤᠨ ᠣᠷᠳ᠋ᠣᠨ ᠤ ᠠᠵᠢ᠍ᠯ ᠢ ᠰᠠᠢ᠌ᠲᠤᠷ ᠬᠢᠬᠦ ᠨᠢ ᠠᠯᠤᠰ ᠬᠡᠳ᠋ᠤ ᠶᠢᠨ ᠠᠴᠢ ᠬᠣᠯᠪᠣᠭᠳ᠋ᠠᠯ ᠲᠠᠶ ᠶᠤᠮ᠃ ᠡᠨᠡ ᠵᠢᠯ ᠤᠨ ᠵᠠᠰᠠᠭ ᠤᠨ ᠣᠷᠳ᠋ᠣᠨ ᠤ ᠠᠵᠢ᠍ᠯ ᠨᠢ ᠰᠢ ᠶᠢᠨ ᠫᠢᠩ ᠤᠨ ᠰᠢ᠍ᠨ᠎ᠠ ᠴᠠᠭ ᠦᠶ᠎ᠠ ᠶᠢᠨ ᠳᠤᠮᠳ᠋ᠠᠳ᠋ᠤ ᠤᠯᠤᠰ ᠤᠨ ᠣᠨᠴᠠᠯᠢ᠍ᠭ ᠲᠠᠶ ᠨᠡᠢ᠌ᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠣᠳ᠋ᠣᠯᠭᠠ ᠪᠣᠯᠭᠠᠵᠤ᠂ ᠨᠠᠮ ᠤᠨ ᠠᠷᠪᠠ ᠶᠢ᠍ᠰᠦᠳ᠋ᠦᠭᠡᠷ ᠶᠡᠬᠡ ᠬᠤᠷᠠᠯ ᠪᠣᠯᠤᠨ ᠠᠷᠪᠠ ᠶᠢ᠍ᠰᠦᠳ᠋ᠦᠭᠡᠷ ᠬᠤᠭᠤᠴᠠᠭᠠᠨ ᠤ ᠲᠥᠪ ᠬᠣᠷᠢ᠍ᠶᠠᠨ ᠤ ᠬᠤᠶᠠᠷ᠂ ᠭᠤᠷᠪᠠ᠂ ᠳᠥᠷᠪᠡᠳ᠋ᠦᠭᠡᠷ ᠪᠥᠬᠥᠳ᠋ᠡ ᠬᠤᠷᠠᠯ ᠤᠨ ᠵᠣᠷᠢ᠍ᠭ ᠰᠠᠨᠠᠭ᠎ᠠ ᠶᠢ ᠪᠥᠬᠥ ᠲᠠᠯ᠎ᠠ ᠪᠠᠷ ᠲᠤᠭᠤᠰᠢᠯᠠᠭᠤᠯᠤᠨ᠂ ᠨᠠᠮ ᠤᠨ ᠦᠨᠳ᠋ᠦᠰᠦᠨ ᠣᠨᠣᠯ᠂ ᠦᠨᠳ᠋ᠦᠰᠦᠨ ᠱᠤᠭᠤᠮ᠂ ᠦᠨᠳ᠋ᠦᠰᠦᠨ ᠠᠷᠭ᠎ᠠ ᠪᠤᠳ᠋ᠣᠯᠭ᠎ᠠ ᠶᠢ ᠡᠷᠡᠰ ᠲᠤᠭᠤᠰᠢ᠍ᠯᠠᠭᠤᠯᠵᠤ᠂《ᠳᠥᠷᠪᠡᠨ ᠤᠬᠠᠮᠰᠠᠷ》᠋ ᠶᠢᠠᠨ ᠴᠢ᠍ᠩᠭ᠋ᠠᠳᠬᠠᠵᠤ᠂《ᠳᠥᠷᠪᠡᠨ ᠢᠲᠡᠭᠡᠯ》᠋ ᠶᠢᠠᠨ ᠪᠠᠳᠤᠳᠬᠠᠨ᠂《ᠬᠣᠶᠠᠷ ᠢ ᠬᠠᠮᠠᠭᠠᠯᠠᠬᠤ》᠋ ᠶᠢ ᠪᠡᠶᠡᠯᠡᠭᠦᠯᠵᠦ᠂ ᠴᠢ᠍ᠨᠡᠭᠡᠯᠢ᠍ᠭ᠌ ᠨᠡᠢ᠌ᠭᠡᠮ ᠢ ᠪᠥᠬᠥ ᠲᠠᠯ᠎ᠠ ᠪᠠᠷ ᠪᠠᠢ᠌ᠭᠤᠯᠤᠨ ᠪᠦᠲᠦᠭᠡᠬᠦ ᠬᠠᠷᠠᠯᠲᠠ ᠡᠭᠦᠷᠭᠡ ᠲᠡᠶ ᠪᠡᠨ ᠨᠢ᠍ᠭᠲᠠ ᠤᠶᠠᠯᠳ᠋ᠤᠭᠤᠯᠤᠨ᠂ ᠲᠣᠭᠲᠠᠭᠤᠨ ᠤ ᠳᠤᠮᠳ᠋ᠠ ᠣᠷᠣᠭᠰᠢ᠍ᠯᠠᠬᠤ ᠠᠵᠢ᠍ᠯ ᠤᠨ ᠶᠡᠷᠦᠩᠬᠡᠶ ᠬᠥᠭ᠌ ᠠᠶᠠᠰ ᠢ ᠪᠠᠷᠢ᠍ᠮᠲᠠᠯᠠᠵᠤ᠂ ᠰᠢ᠍ᠨ᠎ᠠ ᠬᠥᠭ᠍ᠵᠢ᠍ᠯᠲᠡ ᠶᠢᠨ ᠣᠢ᠌ᠯᠠᠭᠠᠭᠳ᠋ᠠᠬᠤᠨ ᠢ ᠪᠠᠷᠢ᠍ᠮᠲᠠᠯᠠᠵᠤ᠂ᠬᠠᠩᠭ᠋ᠠᠯᠭ᠎ᠠ ᠶᠢᠨ ᠪᠦᠲᠦᠴᠡ ᠶᠢᠨ ᠴᠢ᠍ᠨᠠᠷᠲᠠᠶ ᠥᠭᠡᠷᠡᠴᠢ᠍ᠯᠡᠯᠲᠡ ᠪᠡᠷ ᠭᠣᠤᠯ ᠰᠢ᠍ᠵᠢ᠍ᠮ ᠪᠣᠯᠭᠠᠬᠤ ᠶᠢ ᠪᠠᠷᠢ᠍ᠮᠲᠠᠯᠠᠵᠤ᠂ᠦᠭᠡᠷᠡᠴᠢ᠍ᠯᠡᠯᠲᠡ ᠨᠡᠭᠡᠭᠡᠯᠲᠡ ᠪᠡᠷ ᠬᠥᠳ᠋ᠡᠯᠭᠡᠬᠦ ᠬᠦᠴᠦᠨ ᠪᠣᠯᠭᠠᠬᠤ ᠶᠢ ᠪᠠᠷᠢ᠍ᠮᠲᠠᠯᠠᠵᠤ᠂ ᠠᠮᠢ ᠠᠬᠤᠢ ᠶᠢ ᠲᠡᠷᠢ᠍ᠭᠦᠨ ᠳ᠋ᠦ ᠲᠠᠯᠪᠢᠬᠤ᠂ ᠪᠣᠬᠢᠷᠳ᠋ᠤᠯ ᠦᠭᠡᠶ ᠬᠦᠭ᠍ᠵᠢ᠍ᠯᠲᠡ ᠪᠡᠷ ᠣᠳ᠋ᠣᠷᠢ᠍ᠳ᠋ᠣᠮᠵᠢ ᠪᠣᠯᠭᠠᠭᠰᠠᠨ ᠴᠢ᠍ᠨᠠᠷ ᠰᠠᠢ᠌ᠲᠠᠶ ᠬᠥᠭ᠍ᠵᠢ᠍ᠯᠲᠡ ᠶᠢ ᠠᠬᠢᠭᠤᠯᠤᠨ᠂ ᠭᠤᠷᠪᠠᠨ ᠶᠡᠬᠡ ᠰᠢ᠍ᠪᠳ᠋ᠣᠯᠣᠯᠲᠠ ᠶᠢᠨ ᠳᠠᠢ᠌ᠯᠠᠯᠳ᠋ᠤᠭᠠᠨ ᠤ ᠢᠯᠠᠯᠲᠠ ᠶᠢ ᠡᠷᠡᠰ ᠲᠡᠮᠡᠴᠡᠨ ᠣᠯᠵᠤ᠂《ᠵᠢᠷᠭᠤᠭ᠎ᠠ ᠶᠢ ᠲᠣᠭᠲᠠᠭᠤᠨ ᠪᠠᠢ᠌ᠯᠭᠠᠬᠤ》 ᠠᠵᠢ᠍ᠯ ᠢ ᠪᠦᠬᠦ ᠲᠠᠯ᠎ᠠ ᠪᠠᠷ ᠰᠠᠢ᠌ᠲᠤᠷ ᠬᠢᠵᠦ᠂ ᠨᠡᠮᠡᠭ᠍ᠳ᠋ᠡᠯ ᠢ ᠲᠣᠭᠲᠠᠪᠤᠷᠢ᠍ᠵᠢ᠍ᠭᠤᠯᠬᠤ᠂ ᠥᠭᠡᠷᠡᠴᠢ᠍ᠯᠡᠯᠲᠡ ᠶᠢ ᠠᠬᠢᠭᠤᠯᠬᠤ᠂ ᠪᠦᠲᠦᠴᠡ ᠶᠢ ᠲᠣᠬᠢᠷᠠᠭᠤᠯᠬᠤ᠂ ᠠᠷᠠᠳ ᠤᠨ ᠠᠮᠢ᠍ᠳ᠋ᠤᠷᠠᠯ ᠳᠤ ᠠᠰᠢ᠍ᠭ ᠬᠦᠷᠲᠡᠭᠡᠬᠦ ᠠᠶᠤᠯ ᠲᠦ᠋ᠭ᠍ᠰᠢ᠍ᠭᠦᠷᠢ ᠶᠢ ᠰᠡᠷᠭᠡᠢ᠌ᠯᠡᠬᠦ᠂ ᠲᠣᠭᠲᠠᠭᠤᠨ ᠪᠠᠢ᠌ᠳ᠋ᠠᠯ ᠢ ᠪᠠᠲᠤᠯᠠᠬᠤ ᠶᠢ ᠨᠢ᠍ᠭᠡᠳ᠋ᠦᠯᠲᠡᠢ ᠲᠦ᠋ᠯᠦᠪᠵᠢ᠍ᠭᠦᠯᠦᠨ ᠠᠬᠢᠭᠤᠯᠵᠤ᠂ ᠰᠢ᠍ᠨ᠎ᠠ ᠲᠢ᠍ᠳ᠋ᠢ᠍ᠮᠯᠢ᠍ᠭ᠌ ᠸᠢ᠍ᠷᠦ᠋ᠰ ᠡᠴᠡ ᠬᠠᠯᠳ᠋ᠠᠪᠣᠷᠢ᠍ᠯᠠᠬᠤ ᠠᠭᠤᠰᠬᠢᠨ ᠦᠷᠪᠢᠰᠦᠯ ᠤᠨ ᠬᠢᠵᠢ᠍ᠭ᠌ ᠤᠨ ᠠᠰᠢ᠍ᠭ ᠦᠭᠡᠶ ᠨᠥᠯᠥᠭᠡ ᠶᠢ ᠴᠢ᠍ᠷᠮᠠᠢ᠌ᠨ ᠢᠯᠠᠵᠤ᠂ ᠴᠢ᠍ᠨᠡᠭᠡᠯᠢ᠍ᠭ᠌ ᠨᠡᠢ᠌ᠭᠡᠮ ᠢ ᠪᠦᠬᠦ ᠲᠠᠯ᠎ᠠ ᠪᠠᠷ ᠪᠠᠢ᠌ᠭᠤᠯᠤᠨ ᠪᠦᠲᠦᠭᠡᠬᠦ ᠪᠠ《ᠠᠷᠪᠠᠨ ᠭᠤᠷᠪᠠᠳ᠋ᠣᠭᠠᠷ ᠲᠠᠪᠣᠨ ᠵᠢᠯ》᠋ ᠤᠨ ᠲᠥᠯᠥᠪᠵᠢ᠍ᠭᠦᠯᠭᠡ ᠶᠢᠨ ᠠᠮᠵᠢ᠍ᠯᠲᠠ ᠲᠠᠶ ᠲᠡᠭᠦᠰᠬᠦ ᠶᠢ ᠪᠠᠲᠤᠯᠠᠨ᠎ᠠ ᠭᠡᠵᠠᠢ᠃

ᠡᠷᠳᠡᠨᠢᠬᠦᠤ ᠬᠡᠯᠡᠭ᠍ᠰᠡᠨ ᠨᠢ᠂ ᠡᠨᠡ ᠵᠢᠯ ᠤᠨ ᠭᠣᠤᠯ ᠵᠢᠱᠢ᠍ᠭ᠍ᠰᠡᠨ ᠬᠠᠷᠠᠯᠲᠠ ᠪᠣᠯ ᠄ ᠭᠠᠵᠠᠷ ᠣᠷᠣᠨ ᠤ ᠦᠢᠯᠡᠳᠪᠦᠷᠢ᠍ᠯᠡᠯ ᠤᠨ ᠶᠡᠷᠦᠩᠬᠡᠶ ᠥᠷᠲᠡᠭ᠌ ᠨᠢ5% ᠣᠷᠴᠢ᠍ᠮ ᠨᠡᠮᠡᠭ᠍ᠳ᠋ᠡᠭᠦᠯᠵᠦ᠂ ᠡᠩ ᠤᠨ ᠣᠯᠠᠨ ᠨᠡᠢ᠌ᠲᠡ ᠶᠢᠨ ᠲᠥᠰᠦᠪ ᠤᠨ ᠣᠷᠣᠯᠭ᠎ᠠ ᠶᠢ ᠠᠳ᠋ᠠᠯᠢ ᠪᠠᠷᠢ᠍ᠮᠵᠢ᠍ᠶ᠎ᠠ ᠪᠠᠷ 6.7% ᠨᠡᠮᠡᠭ᠍ᠳ᠋ᠡᠭᠦᠯᠵᠦ᠂ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢ 10% ᠨᠡᠮᠡᠭ᠍ᠳ᠋ᠡᠭᠦᠯᠵᠦ᠂ ᠨᠡᠢ᠌ᠭᠡᠮ ᠦᠨ ᠬᠡᠷᠡᠭᠯᠡᠭᠡᠨ ᠦ ᠲᠠᠸᠠᠷ ᠤᠨ ᠰᠤᠯᠠ ᠪᠣᠷᠣᠯᠠᠭᠣᠯᠬᠤ ᠶᠡᠷᠦᠩᠬᠡᠢ ᠬᠡᠮᠵᠢ᠍ᠶ᠎ᠠ ᠶᠢ 5%ᠨᠡᠮᠡᠭ᠍ᠳ᠋ᠡᠭᠦᠯᠵᠦ᠂ ᠬᠣᠲᠠ ᠬᠥᠳ᠋ᠡᠭᠡ ᠶᠢᠨ ᠪᠠᠢ᠌ᠩᠭ᠋ᠤ ᠰᠠᠭᠤᠭ᠎ᠠ ᠰᠠᠭᠤᠭᠠᠯᠢ ᠠᠷᠠᠳ ᠤᠨ ᠬᠥᠮᠦᠨ ᠪᠦᠷᠢ ᠶᠢᠨ ᠳᠤᠮᠳ᠋ᠠᠴᠢ ᠡᠵᠡᠮᠳ᠋ᠡᠵᠦ ᠪᠣᠯᠬᠤ ᠣᠷᠣᠯᠭ᠎ᠠ ᠶᠢ ᠲᠤᠰ ᠲᠤᠰ 7% ᠪᠠ 8% ᠨᠡᠮᠡᠭ᠍ᠳ᠋ᠡᠭᠦᠯᠦᠨᠠ ᠬᠡᠪᠡ᠃
ᠡᠷᠳᠡᠨᠢᠬᠦᠤ ᠪᠠᠰᠠ ᠪᠠᠢ᠌ᠩᠭ᠋ᠤᠵᠢ᠍ᠭᠰᠠᠨ ᠬᠢᠵᠢ᠍ᠭ᠌ ᠢ ᠰᠡᠷᠭᠡᠢ᠌ᠯᠡᠨ ᠡᠵᠡᠮᠳ᠋ᠡᠬᠦ ᠲᠣᠭᠲᠠᠴᠠ ᠶᠢ ᠪᠦᠷᠢᠨᠰᠢᠬᠦᠯᠤᠨ᠂ ᠠᠵᠤ ᠠᠬᠤᠶ ᠨᠡᠢ᠌ᠭᠡᠮ ᠦᠨ ᠡᠮᠬᠢ ᠵᠢᠷᠤᠮ ᠲᠠᠢ ᠪᠦᠬᠦ ᠲᠠᠯ᠎ᠠ ᠪᠠᠷ ᠰᠡᠷᠭᠦᠬᠦ ᠶᠢ ᠠᠬᠢᠭᠤᠯᠬᠤ ᠭᠤᠷᠪᠠᠨ ᠶᠡᠬᠡ ᠰᠢ᠍ᠪᠳ᠋ᠣᠯᠣᠯᠲᠠ ᠶᠢᠨ ᠳᠠᠢ᠌ᠯᠠᠯᠳ᠋ᠤᠭᠠᠨ ᠢ ᠡᠷᠡᠰ ᠰᠠᠢ᠌ᠲᠤᠷ ᠬᠢᠵᠦ᠂ ᠠᠵᠤ ᠠᠬᠤᠢ ᠶᠢᠨ ᠴᠢ᠍ᠨᠠᠷ ᠰᠠᠢ᠌ᠲᠠᠢ ᠬᠦᠭ᠍ᠵᠢ᠍ᠯᠲᠡ ᠶᠢᠨ ᠰᠠᠭᠤᠷᠢ ᠶᠢ ᠪᠡᠬᠢᠵᠢ᠍ᠭᠦᠯᠬᠦ ᠬᠥᠳ᠋ᠡᠭᠡ ᠲᠣᠰᠬᠣᠨ ᠢ ᠬᠥᠭ᠍ᠵᠢ᠍ᠭᠦᠯᠦᠨ ᠮᠠᠨᠳ᠋ᠤᠭᠤᠯᠬᠤ ᠪᠠᠢ᠌ᠯᠳ᠋ᠤᠬᠤ ᠪᠤᠳ᠋ᠤᠯᠭ᠎ᠠ ᠶᠢ ᠭᠦᠨᠵᠡᠭᠡᠢ ᠭᠡᠷᠡᠭᠵᠢᠬᠦᠯᠤᠨ᠂ ᠬᠦᠳ᠋ᠡᠭᠡ ᠲᠣᠰᠬᠤᠨ ᠮᠠᠯᠵᠢ᠍ᠬᠤ ᠣᠷᠣᠨ ᠤ ᠪᠦᠬᠦ ᠲᠠᠯ᠎ᠠ ᠶᠢᠨ ᠬᠥᠭ᠍ᠵᠢ᠍ᠯᠲᠡ ᠶᠢ ᠠᠬᠢᠭᠤᠯᠬᠤ ᠡᠷᠴᠢ᠍ᠮᠵᠢ᠍ᠭᠦᠯᠦᠨ ᠪᠦᠯᠦᠭᠯᠡᠨ ᠬᠥᠭ᠍ᠵᠢ᠍ᠭᠦᠯᠬᠦ ᠶᠢ ᠪᠠᠷᠢ᠍ᠮᠲᠠᠯᠠᠵᠤ᠂ ᠠᠵᠤ ᠦᠢᠯᠡᠳᠪᠦᠷᠢ ᠶᠢᠨ ᠠᠵᠤ ᠠᠬᠤᠢ ᠶᠢᠨ ᠶᠠᠰᠤ ᠴᠢ᠍ᠨᠠᠷ ᠪᠠ ᠦᠷ᠎ᠠ ᠠᠰᠢ᠍ᠭ ᠢ ᠳᠡᠭᠡᠭ᠍ᠰᠢ᠍ᠯᠡᠬᠦ ᠶᠢ ᠠᠬᠢᠭᠤᠯᠬᠤ ᠬᠡᠷᠡᠭᠯᠡᠭᠡᠨ ᠤ ᠪᠡᠯᠡ ᠣᠷᠣᠭᠤᠯᠤᠯᠲᠠ ᠶᠢ ᠥᠷᠭᠡᠳᠬᠡᠬᠦ ᠶᠢ ᠪᠠᠷᠢ᠍ᠮᠲᠠᠯᠠᠵᠤ᠂ ᠤᠳ᠋ᠤ ᠦᠶ᠎ᠠ ᠶᠢᠨ ᠦᠢ᠍ᠯᠡᠴᠢ᠍ᠯᠡᠭᠡᠨ ᠤ ᠦᠶ᠍ᠯᠡᠰ ᠤᠨ ᠲᠡᠰ ᠳᠡᠪᠰᠢ᠍ᠬᠦ ᠶᠢ ᠠᠬᠢᠭᠤᠯᠬᠤ ᠬᠣᠲᠠ ᠬᠥᠳ᠋ᠡᠭᠡ ᠶᠢ ᠨᠢ᠍ᠭᠡ ᠴᠣᠭᠴᠠᠵᠢ᠍ᠭᠤᠯᠤᠨ ᠬᠥᠭ᠍ᠵᠢ᠍ᠭᠦᠯᠬᠦ ᠶᠢ ᠪᠠᠷᠢ᠍ᠮᠲᠠᠯᠠᠵᠤ᠂ ᠬᠣᠲᠠ ᠪᠠᠯᠭᠠᠰᠤᠨ ᠤ ᠣᠷᠣᠰᠢ᠍ᠨ ᠰᠠᠭᠤᠬᠤ ᠣᠷᠴᠢ᠍ᠨ ᠲᠣᠭᠣᠷᠢ᠍ᠨ ᠤ ᠶᠠᠰᠤ ᠴᠢ᠍ᠨᠠᠷ ᠢ ᠳᠡᠭᠡᠭ᠍ᠰᠢ᠍ᠯᠡᠭᠦᠯᠬᠦ ᠪᠣᠬᠢᠷᠳ᠋ᠣᠯ ᠦᠭᠡᠶ ᠵᠠᠷᠣᠳ ᠢ ᠪᠠᠢ᠌ᠭᠣᠯᠬᠤ ᠶᠢ ᠴᠢᠩᠭᠠᠳᠬᠠᠨ᠂ ᠠᠮᠢ ᠠᠬᠤᠢ ᠶᠢᠨ ᠪᠣᠯᠪᠠᠰᠤᠨ ᠤ ᠪᠠᠢ᠌ᠭᠣᠯᠣᠯᠲᠠ ᠶᠢᠨ ᠬᠢᠷᠢ ᠲᠦ᠋ᠪᠰᠢ᠍ᠨ ᠢ ᠳᠡᠭᠡᠭ᠍ᠰᠢ᠍ᠯᠡᠭᠦᠯᠬᠦ ᠥᠭᠡᠷᠡᠴᠢ᠍ᠯᠡᠯᠲᠡ ᠨᠡᠭᠡᠭᠡᠯᠲᠡ ᠶᠢ ᠭᠦᠨᠵᠡᠭᠡᠢ᠌ᠷᠡᠭᠦᠯᠵᠦ᠂ᠬᠦᠭ᠍ᠵᠢ᠍ᠯᠲᠡ ᠶᠢᠨ ᠬᠥᠳ᠋ᠡᠯᠭᠡᠬᠦ ᠬᠦᠴᠦᠨ ᠢ ᠦᠨᠡᠨᠬᠦ ᠴᠢ᠍ᠩᠭ᠋ᠠᠷᠠᠭᠣᠯᠬᠤ ᠠᠷᠠᠳ ᠤᠨ ᠠᠮᠢ᠍ᠳ᠋ᠤᠷᠠᠯ ᠤᠨ ᠪᠠᠲᠤᠯᠠᠭ᠎ᠠ ᠶᠢ ᠴᠢ᠍ᠩᠭ᠋ᠠᠳᠬᠠᠵᠤ᠂ ᠣᠯᠠᠨ ᠲᠦ᠋ᠮᠡᠨ ᠤᠨ ᠵᠣᠯ ᠵᠢᠷᠭᠠᠯ ᠤᠨ ᠵᠢᠭᠠᠯᠲᠠ ᠲᠣᠭ᠎ᠠ ᠶᠢ ᠳᠡᠭᠡᠭ᠍ᠰᠢ᠍ᠯᠡᠭᠦᠯᠬᠦ ᠵᠡᠷᠭᠡ ᠶᠢ᠍ᠰᠦᠨ ᠲᠠᠯ᠎ᠠ ᠡᠴᠡ 2020 ᠣᠨ ᠤ ᠠᠵᠢ᠍ᠯ ᠳ᠋ᠥ ᠪᠠᠢ᠌ᠷᠢ᠍ᠯᠠᠭᠤᠯᠤᠯᠳ᠋ᠠ ᠬᠢᠪᠡ᠃
ᠡᠷᠳᠡᠨᠢᠬᠦᠤ ᠬᠡᠯᠡᠭ᠍ᠰᠡᠨ ᠨᠢ᠂ 2020 ᠣᠨ ᠳᠤ᠂ ᠪᠢᠳ᠋ᠠ ᠴᠢ᠍ᠨᠡᠭᠡᠯᠢ᠍ᠭ᠌ ᠨᠡᠢ᠌ᠭᠡᠮ ᠢ ᠪᠦᠬᠦ ᠲᠠᠯ᠎ᠠ ᠪᠠᠷ ᠪᠠᠢ᠌ᠭᠣᠯᠣᠨ ᠪᠦᠲᠦᠭᠡᠬᠦ ᠪᠠ ᠨᠢ᠍ᠭᠡᠳ᠋ᠦᠭᠡᠷ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠬᠦ ᠲᠡᠦᠬᠡᠲᠦ ᠡᠭᠦᠷᠭᠡ ᠪᠠ ᠪᠦᠬᠦ ᠬᠣᠰᠢ᠍ᠭᠤᠨ ᠤ 30 ᠲᠦ᠋ᠮᠡᠨ ᠦᠨᠳ᠋ᠦᠰᠦᠲᠡᠨ ᠨᠦᠭᠦᠳ ᠤᠨ ᠤᠯᠠᠨ ᠲᠦ᠋ᠮᠡᠨ ᠤ ᠬᠦᠨᠳ᠋ᠦ ᠨᠠᠢ᠌ᠳ᠋ᠠᠯᠭ᠎ᠠ ᠶᠢ ᠡᠭᠦᠷᠭᠡᠯᠡᠵᠦ ᠪᠣᠢ᠂ ᠡᠭᠦᠷᠭᠡ ᠬᠦᠨᠳ᠋ᠦ ᠦᠩᠭᠡ ᠭᠡᠷᠡᠯᠲᠡᠢ ᠪᠠᠢ᠌ᠨ᠎ᠠ᠃ ᠪᠢᠳ᠋ᠡ ᠰᠢ ᠵᠢᠨ ᠫᠢᠩ ᠨᠦ᠋ᠬᠦᠷ ᠶᠢᠡᠷ ᠭᠣᠣᠯ ᠪᠣᠯᠭᠠᠭᠰᠠᠨ ᠨᠠᠮ ᠤᠨ ᠲᠥᠪ ᠬᠣᠷᠢ᠍ᠶᠠᠨ ᠤ ᠲᠣᠭᠣᠷᠢ᠍ᠨ ᠳᠤ ᠨᠡᠩ ᠨᠢ᠍ᠭᠲᠠᠷᠠᠨ ᠪᠦᠯᠬᠦᠮᠳ᠋ᠡᠵᠦ᠂ ᠰᠢ ᠵᠢᠨ ᠫᠢᠩ ᠦᠨ ᠳᠣᠮᠳ᠋ᠠᠲᠤ ᠤᠯᠤᠰ ᠤᠨ ᠣᠨᠴᠠᠯᠢ᠍ᠭ ᠪᠦᠬᠦᠢ ᠨᠡᠢ᠌ᠭᠡᠮ ᠵᠢᠷᠣᠮ ᠤᠨ ᠦᠵᠡᠯ ᠰᠠᠨᠠᠭᠠᠨ ᠤ ᠠᠭᠤᠤ ᠶᠡᠬᠡ ᠲᠣᠭ ᠢ ᠦᠨᠳ᠋ᠦᠷ ᠮᠠᠨᠳ᠋ᠣᠭᠣᠯᠵᠤ᠂ ᠤᠭ ᠰᠠᠨᠠᠭ᠎ᠠ ᠪᠠᠨ ᠦᠯᠦ ᠮᠠᠷᠳᠠᠨ᠂ ᠡᠭᠦᠷᠭᠡ ᠬᠠᠷᠢ᠍ᠭᠤᠴᠠᠯᠭ᠎ᠠ ᠪᠠᠨ ᠪᠠᠲᠤ ᠴᠡᠭᠡᠵᠢ᠍ᠯᠡᠵᠦ᠂ ᠥᠷᠯᠥᠭᠡ ᠦᠳ᠋ᠡᠰᠢ ᠶᠢ ᠲᠡᠮᠡᠴᠡᠵᠦ᠂ ᠵᠠᠯᠠᠭᠤ ᠨᠠᠰᠤᠨ ᠳᠠᠭᠠᠨ ᠣᠰᠣᠯᠳ᠋ᠠᠬᠤ ᠦᠭᠡᠶ ᠪᠠᠷ ᠡᠯ᠎ᠠ ᠵᠦ᠋ᠢ᠍ᠯ ᠶᠢᠨ ᠠᠶᠤᠯ ᠲᠦ᠋ᠭ᠍ᠰᠢ᠍ᠭᠦᠷᠢ ᠥᠷᠢ᠍ᠰᠥᠯᠳ᠋ᠦᠭᠡᠨ ᠢ ᠲᠠᠰᠤᠷᠠᠯᠲᠠ ᠦᠭᠡᠶ ᠢᠯᠠᠨ ᠳᠠᠪᠠᠵᠤ᠂ ᠦᠵᠡᠰᠬᠦᠯᠡᠩᠲᠦ ᠰᠠᠢ᠌ᠬᠠᠨ ᠵᠠᠷᠤᠳ ᠢ ᠪᠦᠲᠦᠭᠡᠨ ᠪᠠᠢ᠌ᠭᠤᠯᠵᠤ᠂ ᠴᠢ᠍ᠨᠡᠭᠡᠯᠢ᠍ᠭ᠌ ᠨᠡᠢ᠌ᠭᠡᠮ ᠢ ᠪᠦᠬᠦ ᠲᠠᠯ᠎ᠠ ᠪᠠᠷ ᠪᠠᠢ᠌ᠭᠤᠯᠤᠨ ᠪᠦᠲᠦᠭᠡᠬᠦ ᠬᠠᠷᠠᠯᠲᠠ ᠶᠢ ᠪᠡᠶᠡᠯᠡᠭᠦᠯᠬᠦ ᠶᠢᠨ ᠲᠥᠯᠥᠭᠡ ᠴᠢ᠍ᠷᠮᠠᠢ᠌ᠨ ᠲᠡᠮᠡᠴᠡᠵᠡᠭᠡᠶ᠎ᠠ ᠬᠡᠵᠠᠢ᠃

ᠪᠠᠢ ᠬᠤᠸᠠ ᠡᠴᠡ ᠶᠡᠬᠡ ᠬᠤᠷᠠᠯ ᠳᠤ ᠵᠠᠷᠤᠳ ᠬᠤᠰᠢ᠍ᠭᠤᠨ ᠤ ᠠᠷᠠᠳ ᠤᠨ ᠵᠠᠰᠠᠭ ᠤᠨ ᠤᠷᠳ᠋ᠣᠨ ᠤ 2019 ᠤᠨ ᠤ ᠠᠷᠠᠳ ᠤᠨ ᠲᠦ᠋ᠯᠦᠬᠡᠯᠡᠭ᠍ᠴᠢ᠍ᠳ ᠤᠨ ᠠᠷᠠᠳ ᠤᠨ ᠠᠮᠢ᠍ᠳ᠋ᠤᠷᠠᠯ ᠤᠨ ᠪᠣᠳ᠋ᠠᠲᠤ ᠶᠠᠪᠤᠳ᠋ᠠᠯ ᠤᠨ ᠵᠢ᠍ᠱᠢ᠍ᠭ᠍ᠳ᠋ᠡᠭ᠍ᠰᠡᠨ ᠲᠦ᠋ᠷᠦᠯ ᠵᠦ᠋ᠢ᠍ᠯ ᠦᠨ ᠪᠦᠷᠢ᠍ᠯᠳ᠋ᠦᠭ᠍ᠰᠡᠨ ᠪᠠᠢ᠌ᠳ᠋ᠠᠯ ᠪᠤᠯᠤᠨ 2020 ᠣᠨ ᠤ ᠠᠷᠠᠳ ᠤᠨ ᠠᠮᠢ᠍ᠳ᠋ᠤᠷᠠᠯ ᠤᠨ ᠪᠣᠳ᠋ᠠᠲᠤ ᠶᠠᠪᠤᠳ᠋ᠠᠯ ᠤᠨ ᠵᠢ᠍ᠱᠢ᠍ᠭ᠍ᠳ᠋ᠡᠭ᠍ᠰᠡᠨ ᠲᠦ᠋ᠷᠦᠯ ᠵᠦ᠋ᠢ᠍ᠯ ᠦᠨ ᠪᠦᠷᠢ᠍ᠯᠳ᠋ᠦᠭ᠍ᠰᠡᠨ ᠪᠠᠢ᠌ᠳ᠋ᠠᠯ ᠤᠨ ᠮᠡᠳ᠋ᠡᠭᠦᠯᠦᠯᠲᠡ ᠵᠢ᠍ᠴᠢ ᠬᠣᠯᠪᠣᠭᠳ᠋ᠠᠯ ᠪᠦᠬᠦᠢ ᠲᠣᠳ᠋ᠣᠷᠬᠠᠢᠯᠠᠯᠲᠠ ᠵᠢ ᠰᠣᠨᠣᠰᠪᠠ᠃
ᠶᠡᠬᠡ ᠬᠤᠷᠠᠯ ᠡᠴᠠ ᠪᠠᠰᠠ ᠵᠠᠷᠤᠳ ᠬᠣᠰᠢ᠍ᠭᠤᠨ ᠤ 2019 ᠣᠨ ᠤ ᠤᠯᠤᠰ ᠠᠷᠠᠳ ᠤᠨ ᠠᠵᠤ ᠠᠬᠤᠢ ᠪᠣᠯᠤᠨ ᠨᠡᠢᠭᠡᠮ ᠦᠨ ᠬᠦᠭ᠍ᠵᠢ᠍ᠭᠦᠯᠦᠯᠲᠡ ᠶᠢᠨ ᠲᠥᠯᠥᠪᠯᠡᠭᠡ ᠶᠢ ᠬᠡᠷᠡᠭ᠍ᠵᠢ᠍ᠬᠦᠯᠦᠭ᠍ᠰᠡᠨ ᠪᠠᠢ᠌ᠳ᠋ᠠᠯ ᠪᠣᠯᠤᠨ 2020 ᠣᠨ ᠤ ᠤᠯᠤᠰ ᠠᠷᠠᠳ ᠤᠨ ᠠᠵᠤ ᠠᠬᠤᠢ ᠪᠣᠯᠤᠨ ᠨᠡᠢᠭᠡᠮ ᠦᠨ ᠬᠦᠭ᠍ᠵᠢ᠍ᠬᠦᠯᠤᠯᠳ᠋ᠠ ᠶᠢᠨ ᠲᠥᠯᠥᠪᠯᠡᠭᠡ ᠶᠢᠨ ᠲᠥᠰᠦᠯ ᠦᠨ ᠮᠡᠳ᠋ᠡᠭᠦᠯᠦᠯᠲᠡ᠂ ᠵᠠᠷᠤᠳ ᠬᠣᠰᠢ᠍ᠭᠤᠨ ᠤ 2019 ᠣᠨ ᠤ ᠡᠳ᠋ ᠦᠨ ᠵᠠᠰᠠᠭ ᠤᠨ ᠲᠥᠰᠦᠪ ᠢ ᠬᠡᠷᠡᠭ᠍ᠵᠢ᠍ᠭᠦᠯᠦᠭ᠍ᠰᠡᠨ ᠪᠠᠢ᠌ᠳ᠋ᠠᠯ ᠪᠣᠯᠤᠨ 2020 ᠣᠨ ᠤ ᠡᠳ᠋ ᠦᠨ ᠵᠠᠰᠠᠭ ᠤᠨ ᠲᠥᠰᠦᠪ ᠦᠨ ᠲᠥᠰᠦᠯ ᠦᠨ ᠮᠡᠳ᠋ᠡᠭᠦᠯᠦᠯᠲᠡ ᠵᠢ ᠬᠢᠨᠠᠨ ᠪᠠᠢ᠌ᠴᠠᠭᠠᠪᠠ᠃


ᠬᠠᠤᠯᠢ ᠪᠠᠷ ᠲᠣᠭᠲᠠᠭᠠᠭᠰᠠᠨ ᠰᠤᠯᠠ ᠣᠷᠣᠯᠴᠠᠭᠰᠠᠳ ᠪᠠ ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠣᠷᠢ᠍ᠶᠠᠨ ᠤ ᠠᠷᠪᠠᠨ ᠳᠣᠯᠣᠳ᠋ᠤᠭᠠᠷ ᠬᠤᠷᠠᠯᠳ᠋ᠤᠭᠠᠨ ᠡᠴᠡ ᠲᠣᠭᠲᠠᠭᠠᠭᠰᠠᠨ ᠰᠤᠯᠠ ᠣᠷᠣᠯᠴᠠᠭᠰᠠᠳ ᠬᠤᠷᠠᠯ ᠳᠤ ᠰᠤᠯᠠ ᠣᠷᠣᠯᠴᠠᠪᠠ᠃ ᠡᠭᠦᠨ ᠦ ᠬᠠᠮᠲᠤ᠂ ᠬᠢᠵᠢ᠍ᠭ᠌ ᠦᠨ ᠪᠠᠢ᠌ᠳ᠋ᠠᠯ ᠢ ᠰᠡᠷᠭᠡᠢᠯᠡᠨ ᠡᠵᠡᠮᠳ᠋ᠡᠬᠦ ᠱᠠᠭᠠᠷᠳ᠋ᠠᠯᠭ᠎ᠠ ᠡᠴᠠ ᠪᠣᠯᠵᠣ᠂ ᠬᠤᠰᠢ᠍ᠭᠤᠨ ᠤ ᠤᠯᠤᠰ ᠲᠥᠷᠥ ᠶᠢᠨ ᠵᠥᠪᠯᠡᠯᠭᠡᠨ ᠦ ᠠᠷᠪᠠᠳ᠋ᠤᠭᠠᠷ ᠬᠤᠭᠤᠴᠠᠭᠠᠨ ᠤ ᠭᠤᠷᠪᠠᠳ᠋ᠤᠭᠠᠷ ᠬᠤᠷᠠᠯᠳ᠋ᠤᠭᠠᠨ ᠳᠤ ᠤᠷᠤᠯᠴᠠᠭᠰᠠᠨ ᠪᠥᠬᠥ ᠭᠡᠰᠢ᠍ᠭᠦᠳ ᠬᠤᠪᠢᠶᠠᠷᠢ ᠬᠤᠷᠠᠯ ᠤᠨ ᠲᠠᠯᠠᠪᠠᠶ ᠳᠤ ᠵᠠᠰᠠᠭ ᠤᠨ ᠣᠷᠳ᠋ᠣᠨ ᠤ ᠠᠵᠢ᠍ᠯ ᠤᠨ ᠢᠯᠡᠳᠬᠡᠯ ᠢ ᠰᠣᠨᠣᠰᠪᠠ᠃