ᠤᠳᠤ ᠶᠢᠨ ᠪᠠᠢ᠌ᠷᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ → ᠵᠠᠷᠤᠳ ᠬᠣᠰᠢ᠍ᠭᠤᠨ ᠤ ᠠᠷᠪᠠᠨ ᠵᠢᠷᠭᠤᠳ᠋ᠤᠭᠠᠷ᠁
ᠵᠠᠷᠤᠳ ᠬᠣᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠳᠥᠷᠪᠡᠳ᠋ᠦᠭᠡᠷ ᠬᠤᠷᠠᠯᠳ᠋ᠤᠭᠠᠨ ᠤ ᠡᠯ᠎ᠠ ᠲᠥᠯᠥᠭᠡᠯᠡᠭ᠍ᠴᠢ᠍ᠳ ᠤᠨ ᠪᠦᠯᠬᠦᠮ《ᠵᠠᠰᠠᠭ ᠤᠨ ᠣᠷᠳ᠋ᠣᠨ ᠤ ᠠᠵᠢ᠍ᠯ ᠤᠨ ᠢᠯᠡᠳᠭᠡᠯ》᠋ ᠢ ᠨᠠᠷᠢ᠍ᠨ ᠬᠢᠨᠠᠮᠠᠭᠠᠶ ᠬᠢᠨᠠᠨ ᠵᠦ᠋ᠪᠯᠡᠪᠡ

4 ᠰᠠᠷ᠎ᠠ ᠶᠢᠨ 26᠋ ᠤ ᠦᠳ᠋ᠡ ᠶᠢᠨ ᠡᠮᠦᠨ᠎ᠠ᠂ ᠵᠠᠷᠤᠳ ᠬᠣᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠳᠥᠷᠪᠡᠳ᠋ᠦᠭᠡᠷ ᠬᠤᠷᠠᠯᠳ᠋ᠤᠭᠠᠨ ᠳ᠋ᠥ ᠣᠷᠣᠯᠴᠠᠭᠰᠠᠨ ᠠᠷᠠᠳ ᠤᠨ ᠳᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠳᠦ᠋ᠯᠦᠭᠡᠯᠡᠭ᠍ᠴᠢ ᠡᠯ᠎ᠠ ᠲᠥᠯᠥᠭᠡᠯᠡᠭ᠍ᠴᠢ᠍ᠳ ᠤᠨ ᠪᠦᠯᠬᠦᠮ ᠳ᠋ᠥ《ᠵᠠᠰᠠᠭ ᠤᠨ ᠣᠷᠳ᠋ᠣᠨ ᠤ ᠠᠵᠢ᠍ᠯ ᠤᠨ ᠢᠯᠡᠳᠭᠡᠯ》 ᠵᠢᠴᠢ ᠬᠣᠯᠪᠣᠭᠳ᠋ᠠᠯ ᠪᠦᠬᠦᠢ ᠮᠡᠳ᠋ᠡᠭᠦᠯᠦᠯᠲᠡ ᠶᠢ ᠬᠢᠨᠠᠨ ᠵᠥᠪᠯᠡᠪᠡ᠃





ᠬᠣᠰᠢ᠍ᠭᠤᠨ ᠤ ᠤᠳ᠋ᠤᠷᠢ᠍ᠳ᠋ᠤᠯᠭ᠎ᠠ ᠵᠧᠦ ᠵᠢᠶᠠᠨ ᠭᠦᠸᠧ᠂ ᠪᠠᠶᠠᠨᠰᠠᠩ᠂ ᠪᠤᠤ ᠬᠣᠩ ᠮᠧᠶ᠂ ᠯᠢ᠍ᠶᠠᠩ ᠳ᠋ᠸ ᠢᠦᠢ᠂ ᠵᠠᠩ ᠬᠠᠨ ᠰᠥᠩ᠂ ᠡᠤ ᠰᠢ᠍ᠶᠤᠤ᠂ ᠦᠷᠡᠪᠠᠳ᠋ᠣ᠂ᠸᠠᠩ ᠶᠠᠨ ᠵᠢᠶ‍ᠦ᠋ᠨ᠂ ᠯᠢ ᠶᠦ᠋ᠩ ᠬᠠᠶ᠂ ᠱᠣᠤ ᠵᠠᠨ ᠵᠢᠶ‍ᠦ᠋ᠨ᠂ ᠶᠠᠩ ᠭᠧ ᠬᠤᠸᠠ ᠬᠢᠨᠠᠨ ᠵᠥᠪᠯᠡᠬᠦ ᠳ᠋ᠦ ᠣᠷᠣᠯᠴᠠᠪᠠ᠃






ᠬᠢᠨᠡᠨ ᠵᠦ᠋ᠪᠯᠡᠬᠦ ᠶᠠᠪᠤᠴᠠ ᠳ᠋ᠥ᠂ᠲᠥᠯᠥᠭᠡᠯᠡᠭ᠍ᠴᠢ᠍ᠳ《ᠵᠠᠰᠠᠭ ᠤᠨ ᠣᠷᠳ᠋ᠣᠨ ᠤ ᠠᠵᠢ᠍ᠯ ᠤᠨ ᠢᠯᠡᠳᠭᠡᠯ》᠋ ᠤᠨ ᠲᠣᠭᠣᠷᠢ᠍ᠨ ᠳᠤ ᠳᠣᠰ ᠳᠣᠰ ᠤᠨ ᠠᠵᠢ᠍ᠯ ᠤᠨ ᠪᠠᠢᠷᠢ᠂ ᠪᠣᠳ᠋ᠠᠲᠤ ᠪᠠᠢᠳᠠᠯ ᠲᠠᠶ ᠪᠠᠨ ᠣᠶᠠᠯᠳ᠋ᠣᠭᠤᠯᠣᠨ᠂ ᠢᠳ᠋ᠡᠪᠬᠢᠲᠡᠢ ᠶᠠᠷᠢ᠍ᠶ᠎ᠠ ᠲᠠᠯᠪᠢᠵᠤ᠂ ᠰᠠᠨᠠᠯ ᠶᠢᠡᠨ ᠢᠯᠡᠳᠭᠡᠵᠤ᠂ ᠰᠠᠢ᠌ᠨ ᠠᠷᠭ᠎ᠠ ᠪᠣᠳ᠋ᠣᠯᠭ᠎ᠠ ᠳᠡᠪᠰᠢ᠍ᠭᠦᠯᠵᠤ ᠪᠠᠢ᠌ᠯ᠎ᠠ᠃ ᠲᠥᠯᠥᠭᠡᠯᠡᠭ᠍ᠴᠢ᠍ᠳ《ᠵᠠᠰᠠᠭ ᠤᠨ ᠣᠷᠳ᠋ᠣᠨ ᠤ ᠠᠵᠢ᠍ᠯ ᠤᠨ ᠢᠯᠡᠳᠭᠡᠯ》᠋ ᠢ ᠳᠡᠭᠡᠳ᠋ᠦ ᠬᠡᠮᠵᠢ᠍ᠶ᠎ᠠ ᠪᠡᠷ ᠦᠨᠡᠯᠡᠵᠦ᠂ ᠵᠠᠰᠠᠭ ᠤᠨ ᠣᠷᠳ᠋ᠣᠨ ᠤ ᠠᠵᠢ᠍ᠯ ᠤᠨ ᠢᠯᠡᠳᠭᠡᠯ ᠨᠢ ᠨᠠᠷᠢ᠍ᠯᠢ᠍ᠭ ᠪᠤᠳ᠋ᠠᠳ᠋ᠠᠢ᠂ ᠬᠥᠮᠦᠰ ᠤᠨ ᠰᠡᠳᠬᠢᠯ ᠢ ᠬᠥᠭ᠍ᠵᠢ᠍ᠭᠡᠮ᠎ᠠ ᠪᠠᠢᠵᠤ᠂ ᠦᠷ᠎ᠠ ᠪᠦᠲᠦᠮᠵᠢ ᠶᠢᠨ ᠳ᠋ᠦ᠋ᠩᠨᠡᠯᠲᠡ ᠨᠢ ᠪᠤᠰᠤᠳᠴᠢ ᠪᠥᠭᠡᠳ ᠵᠥᠪ ᠣᠨᠣᠪᠴᠢ᠍ᠲᠠᠢ᠂ ᠠᠰᠠᠭᠤᠳ᠋ᠠᠯ ᠢ ᠰᠢ᠍ᠭᠤᠳ ᠵᠢᠭᠠᠨ ᠭᠠᠷᠭᠠᠵᠤ᠂ ᠬᠠᠷᠠᠯᠲᠠ ᠶᠢᠨ ᠪᠠᠢ᠌ᠷᠢ᠍ᠯᠠᠭᠤᠯᠤᠯᠲᠠ ᠨᠢ ᠰᠢ᠍ᠨᠵᠢ᠍ᠯᠡᠬᠦ ᠤᠬᠠᠭᠠᠨᠴᠢ ᠵᠦ᠋ᠢ ᠵᠣᠬᠢᠰᠲᠠᠢ᠂ᠠᠵᠢ᠍ᠯ ᠤᠨ ᠪᠠᠢ᠌ᠷᠢ᠍ᠯᠠᠭᠤᠯᠤᠯᠲᠠ ᠶᠢᠨ ᠰᠡᠳᠬᠢᠮᠵᠢ ᠨᠢ ᠲᠣᠳ᠋ᠣᠷᠬᠠᠢ᠂ ᠠᠵᠢ᠍ᠯ ᠤᠨ ᠠᠷᠭ᠎ᠠ ᠠᠪᠴᠠᠯ ᠨᠢ ᠦᠨᠡᠨ ᠪᠤᠳ᠋ᠠᠳ᠋ᠠᠢ ᠮᠦ᠋ᠷᠳ᠋ᠡᠭᠡᠨ ᠬᠡᠷᠡᠭ᠍ᠵᠢ᠍ᠭᠦᠯᠡᠭᠦᠢ᠌ᠴᠡ ᠴᠢ᠍ᠨᠠᠷ ᠶᠢᠡᠷ ᠴᠢ᠍ᠡᠭ᠍ᠭ᠎ᠠ ᠭᠡᠵᠤ ᠰᠠᠨᠠᠯ ᠨᠢ᠍ᠭᠡᠲᠡᠢ ᠦᠵᠡᠵᠡᠭᠡᠪᠡ᠃



ᠪᠦᠬᠦ ᠬᠣᠰᠢ᠍ᠭᠤᠨ ᠤ ᠡᠯ᠎ᠠ ᠹᠷᠣᠨᠲ ᠡᠴᠡ ᠬᠦᠷᠦᠯᠴᠡᠨ ᠢᠷᠡᠭ᠍ᠰᠡᠨ 160 ᠭᠠᠷᠣᠢ ᠳᠦ᠋ᠯᠦᠭᠡᠯᠡᠭ᠍ᠴᠢ ᠪᠦᠬᠦ ᠬᠣᠰᠢ᠍ᠭᠤᠨ ᠤ ᠠᠷᠠᠳ ᠲᠦ᠋ᠮᠡᠨ ᠤ ᠬᠦᠨᠳ᠋ᠦ ᠨᠠᠢ᠌ᠳ᠋ᠠᠯᠭ᠎ᠠ ᠶᠢ ᠡᠭᠦᠷᠭᠡᠯᠡᠵᠤ᠂ ᠶᠠᠳ᠋ᠠᠭᠤ ᠡᠴᠡ ᠠᠩᠭᠢᠵᠢ᠍ᠷᠠᠭᠤᠯᠬᠤ ᠪᠣᠭᠣᠮᠲᠠ ᠰᠢ᠍ᠪᠲᠤᠯᠬᠤ᠂ ᠠᠵᠤ ᠦᠢ᠍ᠯᠡᠰ ᠤᠨ ᠬᠥᠭ᠍ᠵᠢ᠍ᠯᠲᠡ᠂ ᠬᠦᠮᠦᠰ ᠤᠨ ᠣᠷᠣᠰᠢ᠍ᠨ ᠠᠮᠢ᠍ᠳ᠋ᠤᠷᠠᠬᠤ ᠣᠷᠴᠢ᠍ᠨ ᠲᠣᠭᠣᠷᠢ᠍ᠨ᠂ ᠠᠮᠢ ᠠᠬᠤᠢ ᠶᠢᠨ ᠪᠣᠯᠪᠠᠰᠤᠨ᠂ ᠠᠷᠠᠳ ᠤᠨ ᠠᠮᠢ᠍ᠳ᠋ᠤᠷᠠᠯ ᠵᠡᠷᠭᠡ ᠠᠭᠤᠯᠭ᠎ᠠ ᠶᠢᠨ ᠳᠣᠭᠤᠷᠢ᠍ᠨ ᠳᠤ ᠢᠳ᠋ᠡᠪᠬᠢᠲᠡᠢ ᠰᠠᠨᠠᠯ ᠵᠥᠪᠯᠡᠯᠭᠡ ᠳᠤᠷᠠᠳ᠋ᠤᠨ ᠠᠷᠭ᠎ᠠ ᠪᠤᠳ᠋ᠣᠯᠭ᠎ᠠ ᠳᠡᠪᠰᠢ᠍ᠭᠦᠯᠵᠤ᠂ ᠪᠦᠬᠦ ᠬᠣᠰᠢ᠍ᠭᠤᠨ ᠤ ᠠᠵᠤ ᠠᠬᠤᠢ ᠨᠡᠢ᠌ᠭᠡᠮ ᠤᠨ ᠬᠥᠭ᠍ᠵᠢ᠍ᠯᠲᠡ ᠶᠢᠨ ᠠᠤᠭ᠎ᠠ ᠲᠥᠰᠦᠪ ᠢ ᠬᠠᠮᠲᠤᠪᠠᠷ ᠰᠦ᠋ᠪᠡᠭ᠍ᠴᠢ᠍ᠯᠡᠪᠡ᠃

 

ᠡᠮᠦᠨᠡᠬᠢ᠄ ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠦ᠋ᠷᠪᠡᠳ᠋ᠦᠭᠡᠷ ᠬᠤᠷᠠᠯᠳ᠋ᠤᠭᠠᠨ ᠤ ᠲᠡᠷᠢ᠍ᠭᠦᠯᠠᠭ᠍ᠴᠢᠳ ᠤᠨ ᠪᠦᠯᠬᠦᠮ ᠦᠨ ᠬᠣᠶᠠᠳ᠋ᠤᠭᠠᠷ ᠬᠤᠷᠠᠯ ᠬᠤᠷᠠᠯᠳ᠋ᠤᠪᠠ
ᠳᠠᠷᠠᠭᠠᠬᠢ᠄ ᠵᠠᠷᠤᠳ ᠬᠣᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠲᠦ᠋ᠷᠪᠡᠳ᠋ᠣᠭᠡᠷ ᠬᠤᠷᠠᠯᠳ᠋ᠤᠭᠠᠨ ᠤ ᠲᠡᠷᠢ᠍ᠭᠦᠯᠡᠭ᠍ᠴᠢᠳ ᠤᠨ ᠪᠦᠯᠬᠦᠮ ᠤᠨ ᠭᠤᠷᠪᠠᠳ᠋ᠤᠭᠠᠷ ᠬᠤᠷᠠᠯ ᠬᠤᠷᠠᠯᠳ᠋ᠤᠪᠠ