ᠤᠳᠤ ᠶᠢᠨ ᠪᠠᠢ᠌ᠷᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ → ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ᠁
ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠲᠦ᠋ᠷᠪᠡᠳ᠋ᠦᠭᠡᠷ ᠬᠤᠷᠠᠯᠳ᠋ᠤᠭᠠᠨ ᠦᠨᠳ᠋ᠦᠷᠯᠡᠪᠡ


4 ᠰᠠᠷ᠎ᠠ ᠶᠢᠨ 27᠋ ᠤ ᠦᠳ᠋ᠡ ᠶᠢᠨ ᠬᠣᠢᠨ᠎ᠠ᠂ ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠳᠥᠷᠪᠡᠳ᠋ᠦᠭᠡᠷ ᠬᠤᠷᠠᠯᠳ᠋ᠤᠭᠠᠨ ᠡᠯ᠎ᠠ ᠵᠦ᠋ᠢ᠍ᠯ ᠦᠨ ᠵᠥᠪᠯᠡᠬᠦ ᠵᠦ᠋ᠢ᠍ᠯ ᠶᠢᠠᠨ ᠲᠠᠭᠤᠰᠬᠠᠵᠦ᠂ ᠰᠣᠶ‍ᠣᠯ ᠤᠬᠠᠭᠤᠯᠭ᠎ᠠ ᠶᠢᠨ ᠲᠥᠪ ᠲᠤ ᠲᠡᠭᠦᠰ ᠠᠮᠵᠢ᠍ᠯᠲᠠ ᠲᠠᠶ ᠪᠡᠷ ᠦᠨᠳ᠋ᠦᠷᠯᠡᠪᠡ᠃


ᠥᠨᠥᠳ᠋ᠦᠷ ᠤᠨ ᠶᠡᠬᠡ ᠬᠤᠷᠠᠯ ᠤᠨ ᠭᠦᠢᠴᠡᠳᠬᠡᠭ᠍ᠴᠢ ᠲᠡᠷᠢ᠍ᠭᠦᠯᠡᠭ᠍ᠴᠢ ᠪᠣᠯ ᠪᠠᠶ ᠯᠢ ᠵᠣ᠂ᠡᠷᠳᠡᠨᠢᠬᠦᠤ᠂ ᠯᠢ᠍ᠶᠠᠩ ᠲᠢ᠍ᠶ‍ᠧ ᠪᠤᠤ᠂ᠪᠠᠶᠠᠨᠰᠠᠩ᠂ ᠵᠠᠩ ᠬᠠᠨ ᠰᠦ᠋ᠩ᠂ᠡᠤ ᠰᠢ᠍ᠶ‍ᠣᠤ᠂ ᠪᠤᠤ ᠶᠢᠨ ᠮᠢ᠍ᠩ᠂ ᠪᠤᠤ ᠴᠢ ᠵᠢᠨ᠂ ᠼᠦ᠋ᠢ ᠯᠸᠢ ᠯᠸᠢ᠂ ᠯᠢ ᠵᠢ᠍ᠩ ᠬᠤᠸᠠ᠂ ᠳᠣᠷᠵᠢ᠂ ᠰᠡᠴᠡᠨᠪᠠᠲᠤ᠂ ᠫᠠᠨ ᠰᠢ᠍ᠶ‍ᠣᠤ ᠶᠢ᠍ᠩ ᠪᠤᠯᠤᠨ᠎ᠠ᠃

ᠪᠠᠶ ᠯᠢ ᠵᠦ᠂ ᠡᠷᠳᠡᠨᠢᠬᠦᠤ᠂ ᠵᠧᠦ ᠵᠢ᠍ᠶᠠᠨ ᠭᠦᠸᠧ᠂ ᠯᠢ᠍ᠶᠠᠩ ᠲᠢ᠍ᠶ‍ᠧ ᠪᠤᠤ᠂ ᠪᠠᠶᠠᠨᠰᠠᠩ᠂ ᠰᠦ᠋ᠨ ᠷᠦ ᠴᠢ᠍ᠦ᠂ ᠡᠤ ᠰᠢ᠍ᠶᠤᠤ᠂ ᠪᠥ᠋ ᠮᠤᠤ ᠰᠢ᠍ᠶᠠᠩ᠂ᠦᠷᠡᠪᠠᠲᠦ᠂ ᠰᠥᠩ ᠯᠢ᠍ᠶᠠᠨ ᠾᠦ᠋ᠢ ᠲᠡᠷᠢ᠍ᠭᠦᠯᠡᠭ᠍ᠴᠢ  ᠶᠢᠨ ᠲᠠᠢᠰᠨ ᠶᠢᠨ ᠡᠮᠦᠨ᠎ᠠ ᠮᠥᠷ ᠲᠤ ᠰᠠᠭᠤᠪᠠ᠃ᠵᠢ᠍ᠶᠠ ᠵᠧᠨ ᠢᠦᠶ᠂ ᠪᠣᠣ ᠬᠣᠩ ᠮᠧᠶ᠂ ᠬᠠᠨ ᠹᠸᠩ ᠡᠤ᠂ ᠯᠢ᠍ᠶᠠᠩ ᠳ᠋ᠧ ᠢᠦᠶ᠂ ᠵᠠᠩ ᠬᠠᠨ ᠰᠥᠩ᠂ ᠱᠤᠤ ᠵᠠᠨ ᠵᠢ᠍ᠶ‍ᠦ᠋ᠨ᠂ ᠳ᠋ᠠᠶ ᠪᠤᠤ ᠯᠢ᠍ᠨ᠂ ᠶᠠᠩ ᠭᠧ ᠬᠤᠸᠠ᠂ ᠳ᠋ᠧᠩ ᠭᠤᠸᠠᠩ ᠹᠸᠩ᠂ ᠵᠢ᠍ᠶᠠᠩ ᠪᠤᠤ ᠶᠢ᠍ᠨ᠂ ᠬᠠᠨ ᠵᠠᠨ ᠹᠸᠩ᠂ ᠪᠤᠤ ᠵᠢ᠍ᠶᠠᠩ ᠱᠠᠨ ᠶᠡᠬᠡ ᠬᠤᠷᠠᠯ ᠤᠨ ᠲᠡᠷᠢ᠍ᠭᠦᠯᠡᠭ᠍ᠴᠢᠳ ᠤᠨ ᠪᠦᠯᠬᠦᠮ ᠦᠨ ᠬᠡᠰᠢ᠍ᠭᠦᠨ ᠲᠡᠷᠢ᠍ᠭᠦᠯᠡᠭ᠍ᠴᠢ ᠶᠢᠨ ᠲᠠᠢᠰᠠᠨ ᠳᠤ ᠰᠠᠭᠤᠯᠴᠠᠪᠠ᠃

ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠤᠳ᠋ᠤ ᠪᠠᠢ᠌ᠭ᠎ᠠ ᠲᠥᠯᠥᠭᠡᠯᠡᠭ᠍ᠴᠢ 181 ᠬᠥᠮᠦᠨ᠂ ᠲᠤᠰ ᠤᠳ᠋ᠠᠭᠠᠨ ᠤ ᠪᠦᠭᠦᠳ᠋ᠡ ᠬᠤᠷᠠᠯ ᠳᠤ ᠣᠷᠣᠯᠴᠠᠭᠰᠠᠨ ᠲᠥᠯᠥᠭᠡᠯᠡᠭ᠍ᠴᠢ 163 ᠬᠥᠮᠦᠨ᠂ ᠬᠠᠤᠯᠢ ᠳᠤ ᠲᠣᠭᠲᠠᠭᠠᠭᠰᠠᠨ ᠬᠥᠮᠦᠨ ᠦ ᠲᠣᠭ᠎ᠠ ᠳᠤ ᠨᠡᠢᠴᠡᠨ᠎ᠠ᠃ ᠬᠤᠷᠠᠯ ᠢ ᠬᠣᠰᠢ᠍ᠭᠤᠨ ᠨᠠᠮ ᠤᠨ ᠬᠣᠷᠢ᠍ᠶᠠᠨ ᠤ ᠱᠦ᠋ᠵᠢ ᠪᠠᠶ ᠯᠢ ᠵᠦ ᠡᠷᠭᠢᠯᠡᠪᠡ᠃





ᠬᠤᠷᠠᠯ ᠡᠴᠠ 《ᠵᠠᠰᠠᠭ ᠤᠨ ᠣᠷᠳ᠋ᠣᠨ ᠤ ᠠᠵᠢ᠍ᠯ ᠤᠨ ᠢᠯᠡᠳᠬᠡᠯ ᠦᠨ ᠲᠤᠬᠠᠢ ᠰᠢ᠌ᠳᠪᠦᠷᠢ》 《ᠵᠠᠷᠤᠳ ᠬᠣᠰᠢ᠍ᠭᠤᠨ ᠤ 2019 ᠣᠨ ᠤ ᠤᠯᠤᠰ ᠠᠷᠠᠳ ᠤᠨ ᠠᠵᠤ ᠠᠬᠤᠢ ᠪᠠ ᠨᠡᠢᠭᠡᠮ ᠦᠨ ᠬᠦᠭ᠍ᠵᠢ᠍ᠭᠦᠯᠦᠯᠲᠡ ᠶᠢᠨ ᠲᠥᠯᠥᠪᠯᠡᠭᠡ ᠵᠢ ᠭᠦᠢ᠍ᠴᠡᠳᠬᠡᠭ᠍ᠰᠡᠨ ᠪᠠᠢ᠌ᠳ᠋ᠠᠯ ᠬᠢᠭᠡᠳ 2020 ᠣᠨ ᠤ ᠤᠯᠤᠰ ᠠᠷᠠᠳ ᠤᠨ ᠠᠵᠤ ᠠᠬᠤᠢ ᠪᠠ ᠨᠡᠢᠭᠡᠮ ᠦᠨ ᠬᠦᠭ᠍ᠵᠢ᠍ᠭᠦᠯᠦᠯᠲᠡ  ᠶᠢᠨ ᠲᠥᠯᠥᠪᠯᠡᠭᠡ ᠶᠢᠨ ᠲᠤᠬᠠᠢ ᠰᠢ᠌ᠳᠪᠦᠷᠢ》《ᠵᠠᠷᠤᠳ ᠬᠣᠰᠢ᠍ᠭᠤᠨ ᠤ 2019 ᠣᠨ ᠤ ᠲᠥᠰᠦᠪ ᠢ ᠭᠦᠢ᠍ᠴᠡᠳᠬᠡᠭ᠍ᠰᠡᠨ ᠪᠠᠢ᠌ᠳ᠋ᠠᠯ ᠪᠠ 2020 ᠣᠨ ᠤ ᠲᠥᠰᠦᠪ ᠦᠨ ᠲᠤᠬᠠᠢ ᠰᠢ᠌ᠳᠪᠦᠷᠢ》《ᠵᠠᠷᠤᠳ ᠬᠣᠰᠢ᠍ᠭᠤᠨ ᠤ ᠠᠷᠪᠠᠨ ᠵᠢ᠍ᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ  ᠶᠢᠨ ᠬᠤᠷᠢ᠍ᠶ᠎ᠠ ᠶᠢᠨ ᠠᠵᠢ᠍ᠯ ᠤᠨ ᠮᠡᠳ᠋ᠡᠭᠦᠯᠦᠯᠳ᠋ᠡ  ᠶᠢᠨ ᠲᠤᠬᠠᠢ ᠰᠢ᠌ᠳᠪᠦᠷᠢ》《ᠵᠠᠷᠤᠳ ᠬᠣᠰᠢ᠍ᠭᠤᠨ ᠤ ᠠᠷᠠᠳ ᠤᠨ ᠰᠢ᠍ᠭᠦᠬᠦ ᠬᠣᠷᠢ᠍ᠶᠠᠨ ᠤ ᠠᠵᠢ᠍ᠯ ᠤᠨ ᠮᠡᠳ᠋ᠡᠭᠦᠯᠦᠯᠳ᠋ᠡ  ᠶᠢᠨ ᠲᠤᠬᠠᠢ ᠰᠢ᠌ᠳᠪᠦᠷᠢ》《ᠵᠠᠷᠤᠳ ᠬᠣᠰᠢ᠍ᠭᠤᠨ ᠤ ᠠᠷᠠᠳ ᠤᠨ ᠪᠠᠢ᠌ᠴᠠᠭᠠᠬᠤ ᠬᠣᠷᠢ᠍ᠶᠠᠨ ᠤ ᠠᠵᠢ᠍ᠯ ᠤᠨ ᠮᠡᠳ᠋ᠡᠭᠦᠯᠦᠯᠳ᠋ᠡ  ᠶᠢᠨ ᠲᠤᠬᠠᠢ ᠰᠢ᠌ᠳᠪᠦᠷᠢ》᠋ ᠶᠢ ᠪᠠᠲᠤᠯᠠᠪᠠ᠃

ᠶᠡᠬᠡ ᠬᠤᠷᠠᠯ ᠤᠨ ᠡᠯ᠎ᠠ ᠵᠥᠪᠯᠡᠬᠦ ᠵᠦ᠋ᠢ᠍ᠯ  ᠢ ᠪᠡᠶᠡᠯᠡᠭᠦᠯᠦᠭ᠍ᠰᠡᠨ ᠦ ᠳᠠᠷᠠᠭ᠎ᠠ᠂ ᠪᠠᠢ ᠯᠢ ᠵᠦ ᠶᠠᠷᠢ᠍ᠶ᠎ᠠ ᠲᠠᠯᠪᠢᠪᠠ᠃

ᠪᠠᠢ ᠯᠢ ᠵᠦ ᠵᠢᠭᠠᠵᠦ ᠭᠠᠷᠭᠠᠭᠰᠠᠨ ᠨᠢ᠂ᠴᠢ᠍ᠨᠡᠭᠡᠯᠢ᠍ᠭ᠌ ᠨᠡᠢᠭᠡᠮ ᠢ ᠪᠦᠬᠦ ᠲᠠᠯ᠎ᠠ ᠪᠠᠷ ᠪᠦᠳ᠋ᠦᠭᠡᠨ ᠪᠠᠢ᠌ᠭᠤᠯᠬᠤ ᠪᠣᠯ ᠮᠠᠨ ᠤ ᠨᠠᠮ ᠤᠨ ᠠᠷᠠᠳ ᠲᠦ᠋ᠮᠡᠨ᠂ ᠲᠡᠦᠬᠡ ᠳ᠋ᠦ ᠦᠭ‍ᠬᠦᠭ᠍ᠰᠡᠨ ᠲᠥᠪ ᠴᠢ᠍ᠩᠭ᠎ᠠ ᠠᠮᠠᠯᠠᠯᠲᠠ ᠪᠣᠯᠤᠨ᠎ᠠ᠂ ᠭᠠᠭᠴᠠ ᠬᠦ ᠡᠷᠡᠰ ᠪᠠᠲᠤ ᠵᠣᠷᠢ᠍ᠭ᠂ ᠲᠤᠳ᠋ᠤᠷᠬᠠᠢ ᠰᠡᠳᠬᠢᠴᠡ᠂ ᠣᠨᠣᠪᠴᠢ᠍ᠲᠠᠢ ᠠᠷᠭ᠎ᠠ ᠬᠡᠮᠵᠢ᠍ᠢ᠎ᠠ ᠠᠪᠤᠪᠠᠯ ᠰᠠ‍‌ᠶᠢ ᠴᠢ᠍ᠨᠡᠭᠡᠯᠢ᠍ᠭ᠌ ᠨᠡᠢᠭᠡᠮ ᠢ ᠬᠤᠭᠤᠴᠠᠭ᠎ᠠ ᠶᠣᠰᠣᠭᠠᠷ ᠪᠦᠬᠦ ᠲᠠᠯ᠎ᠠ ᠪᠠᠷ ᠪᠡᠶᠡᠯᠡᠭᠦᠯᠵᠦ ᠴᠢ᠍ᠳ᠋ᠠᠨ᠎ᠠ᠃ ᠡᠮ ᠡᠮᠨᠡᠯᠭᠡ᠂ ᠡᠷᠡᠭᠦᠯ ᠬᠠᠮᠠᠭᠠᠯᠠᠯ ᠵᠡᠷᠭᠡ ᠠᠷᠠᠳ ᠤᠨ ᠠᠮᠢ᠍ᠳ᠋ᠤᠷᠠᠯ ᠢ ᠪᠠᠲᠤᠯᠠᠨ ᠰᠠᠢ᠌ᠵᠢ᠍ᠷᠠᠭᠤᠯᠬᠤ ᠡᠯ᠎ᠠ ᠵᠦ᠋ᠢᠯ ᠤᠨ ᠠᠵᠢ᠍ᠯ ᠢ ᠨᠢ᠍ᠭᠡᠳ᠋ᠦᠯᠲᠡᠶ ᠲᠥᠯᠥᠪᠯᠡᠨ ᠰᠠᠢ᠌ᠲᠤᠷ ᠬᠢᠬᠦ ᠬᠡᠷᠡᠭ᠍ᠳ᠋ᠡᠢ᠃ ᠬᠠᠷ᠎ᠠ ᠪᠦᠯᠦᠭ᠍ᠲᠡᠨ ᠬᠠᠷᠭᠢᠰ ᠬᠦᠴᠦᠨ ᠢ ᠠᠷᠢ᠍ᠯᠭᠠᠬᠤ ᠲᠤᠰᠬᠠᠢ ᠲᠡᠮᠡᠴᠡᠯ ᠤᠨ ᠭᠦᠨᠵᠡᠭᠡᠢ᠌ᠷᠡᠨ ᠬᠥᠭ᠍ᠵᠢ᠍ᠬᠦ ᠶᠢ ᠠᠬᠢᠭᠤᠯᠵᠤ᠂ ᠤᠯᠠᠨ ᠲᠦ᠋ᠮᠡᠨ ᠤ ᠲᠤᠰᠬᠠᠯ ᠬᠠᠮᠤᠭ ᠤᠨ ᠴᠢ᠍ᠩᠭ᠎ᠠ ᠪᠠᠢ᠌ᠭ᠎ᠠ ᠲᠤᠪᠤᠢ᠌ᠮ᠎ᠠ ᠠᠰᠠᠭᠤᠳ᠋ᠠᠯ ᠢ ᠰᠢ᠌ᠳᠪᠦᠷᠢ᠍ᠯᠡᠵᠦ᠂ ᠥᠷᠭᠡᠨ ᠤᠯᠠᠨ ᠲᠦ᠋ᠮᠡᠨ ᠤ ᠲᠤᠰ ᠪᠡᠶ᠎ᠠ ᠶᠢᠨ ᠠᠰᠢ᠍ᠭ ᠲᠤᠰᠠ ᠶᠢ ᠪᠦᠲᠦᠮᠵᠢ᠍ᠲᠡᠢ ᠬᠠᠮᠠᠭᠠᠯᠠᠬᠤ ᠬᠡᠷᠡᠭ᠍ᠲᠡᠢ᠃ ᠨᠡᠭᠦᠷᠡᠰᠦᠨ ᠡᠬᠢ ᠪᠠᠶᠠᠯᠢ᠍ᠭ ᠤᠨ ᠬᠦᠷᠢ᠍ᠶᠡᠨ ᠳ᠋ᠡᠬᠢ ᠲᠣᠭᠲᠠᠭᠠᠯ ᠡᠴᠡ ᠵᠥᠷᠢ᠍ᠴᠡᠵᠦ ᠬᠠᠤᠯᠢ ᠡᠴᠡ ᠵᠥᠷᠢ᠍ᠴᠡᠭ᠍ᠰᠡᠨ ᠠᠰᠠᠭᠤᠳ᠋ᠠᠯ ᠢ ᠬᠦᠴᠦᠲᠡᠶ ᠴᠡᠭ᠍ᠴᠡᠯᠡᠨ ᠵᠠᠰᠠᠬᠤ ᠬᠡᠷᠡᠭ᠍ᠳ᠋ᠡᠢ᠃ ᠨᠠᠮ ᠤᠨ ᠬᠣᠷᠢ᠍ᠶ᠎ᠠ᠂ ᠵᠠᠰᠠᠭ ᠤᠨ ᠣᠷᠳ᠋ᠣᠨ ᠤ ᠠᠵᠢ᠍ᠯ ᠤᠨ ᠪᠠᠢ᠌ᠷᠢ᠍ᠯᠠᠭᠤᠯᠤᠯᠲᠠ ᠨᠢ ᠠᠷᠠᠳ ᠤᠯᠠᠨ ᠤ ᠬᠦᠰᠡᠯ ᠡᠷᠡᠮᠡᠯᠵᠡᠯ ᠳ᠋ᠦ ᠨᠡᠩ ᠢᠯᠡᠭᠦᠦ ᠨᠡᠢ᠌ᠴᠡᠵᠦ᠂ ᠠᠷᠠᠳ ᠤᠯᠠᠨ ᠤ ᠬᠦᠰᠡᠯ ᠡᠷᠡᠮᠡᠯᠵᠡᠯ ᠢ ᠲᠤᠰᠬᠭᠰᠠᠨ ᠪᠠᠢ᠌ᠬᠤ ᠬᠡᠷᠡᠭ᠍ᠳ᠋ᠡᠢ ᠭᠡᠵᠡᠢ᠃

ᠪᠠᠢ ᠯᠢ ᠵᠦ ᠱᠠᠭᠠᠷᠳ᠋ᠠᠭᠰᠠᠨ ᠨᠢ᠂ ᠰᠢ᠍ᠨ᠎ᠠ ᠴᠠᠭ ᠦᠶ᠎ᠠ᠂ ᠰᠢ᠍ᠨ᠎ᠠ ᠪᠠᠢ᠌ᠳ᠋ᠠᠯ᠂ ᠰᠢ᠍ᠨ᠎ᠠ ᠡᠭᠦᠷᠭᠡ ᠨᠢ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠳᠤ ᠨᠡᠩ ᠥᠨᠳ᠋ᠥᠷ ᠰᠢ᠍ᠨ᠎ᠠ ᠱᠠᠭᠠᠷᠳ᠋ᠠᠯᠭ᠎ᠠ ᠳᠤᠷᠠᠳ᠋ᠤᠭᠰᠠᠨ ᠪᠠᠢ᠌ᠨ᠎ᠠ᠃ ᠥᠷᠭᠡᠨ ᠤᠯᠠᠨ ᠲᠥᠯᠥᠭᠡᠯᠡᠭ᠍ᠴᠢ᠍ᠳ ᠡᠷᠬᠡᠪᠰᠢ ᠰᠠᠢ᠌ᠨ ᠰᠠᠢ᠌ᠬᠠᠨ ᠲᠦ᠋ᠷᠢ ᠲᠥᠷᠬᠦ ᠶᠢ ᠪᠤᠢ ᠪᠣᠯᠭᠠᠵᠤ᠂ ᠬᠡᠪ ᠪᠤᠯᠪᠠᠰᠣᠷᠠᠯ ᠶᠢᠡᠨ ᠴᠢ᠍ᠩᠭ᠋ᠠᠳᠬᠠᠵᠤ᠂ ᠬᠦᠴᠢ᠍ᠷ ᠢ ᠲᠤᠭᠤᠯᠤᠨ ᠪᠡᠷᠬᠡ ᠶᠢ ᠳᠠᠪᠠᠬᠤ ᠵᠣᠷᠢ᠍ᠭ ᠢ ᠪᠠᠳ᠋ᠠᠷᠠᠭᠤᠯᠤᠨ᠂ ᠬᠠᠷᠢ᠍ᠭᠤᠴᠠᠯᠭ᠎ᠠ ᠡᠭᠦᠷᠭᠡᠯᠡᠯ ᠢ ᠪᠠᠷᠢ᠍ᠮᠲᠠᠯᠠᠵᠤ᠂ ᠵᠥᠷᠢ᠍ᠴᠡᠯ ᠡᠴᠡ ᠵᠠᠢ᠌ᠯᠠᠬᠤ ᠦᠭᠡᠶ᠂ ᠬᠦᠴᠢ᠍ᠷᠳ᠋ᠡᠯ ᠡᠴᠡ ᠤᠬᠤᠷᠢ᠍ᠬᠤ ᠦᠭᠡᠶ ᠪᠠᠢ᠌ᠵᠤ᠂ ᠬᠦᠴᠢ᠍ᠷ ᠠᠰᠠᠭᠤᠳ᠋ᠠᠯ ᠢ ᠰᠢᠢᠳᠪᠦᠷᠢ᠍ᠯᠡᠬᠦ ᠳᠤᠮᠳ᠋ᠠ ᠬᠥᠭ᠍ᠵᠢ᠍ᠯᠲᠡ ᠶᠢ ᠠᠬᠢᠭᠤᠯᠵᠤ᠂ ᠥᠷᠢ᠍ᠰᠥᠯᠳ᠋ᠦᠭᠡᠨ ᠤ ᠳᠤᠮᠳ᠋ᠠ ᠥᠪᠡᠷ ᠢ ᠪᠡᠨ ᠢᠯᠠᠬᠤ ᠬᠡᠷᠡᠭ᠍ᠲᠡᠶ᠃ ᠥᠭᠡᠷᠡᠴᠢ᠍ᠯᠡᠯᠲᠡ ᠬᠥᠭ᠍ᠵᠢ᠍ᠬᠦᠯᠤᠯᠳ᠋ᠠ ᠶᠢᠨ ᠶᠡᠬᠡ ᠲᠠᠯ᠎ᠠ ᠳᠤ ᠠᠩᠬᠠᠷᠤᠯ ᠶᠢᠡᠨ ᠲᠥᠪᠯᠡᠷᠡᠭᠦᠯᠵᠦ᠂ ᠴᠢ᠍ᠨᠠᠷ ᠰᠠᠢ᠌ᠲᠠᠢ ᠬᠦᠭ᠍ᠵᠢ᠍ᠯᠳ᠋ᠠ ᠶᠢᠨ ᠱᠠᠭᠠᠷᠳ᠋ᠠᠯᠭ᠎ᠠ ᠲᠠᠶ ᠨᠢ᠍ᠭᠲᠠ ᠤᠶᠠᠯᠳ᠋ᠤᠭᠤᠯᠵᠤ᠂ ᠲᠥᠯᠥᠭᠡᠯᠡᠭ᠍ᠴᠢ ᠶᠢᠨ ᠡᠭᠦᠷᠭᠡ ᠬᠠᠷᠢ᠍ᠭᠤᠴᠠᠯᠭ᠎ᠠ ᠪᠠᠨ ᠭᠦᠢ᠍ᠴᠡᠳᠬᠡᠬᠦ ᠪᠠ ᠲᠤᠬᠠᠢ᠌ᠯᠠᠭᠰᠠᠨ ᠠᠵᠢ᠍ᠯ ᠶᠢᠡᠨ ᠰᠠᠢ᠌ᠲᠤᠷ ᠬᠢᠬᠦ ᠶᠢ ᠨᠢ᠍ᠭᠡᠳᠬᠡᠵᠦ᠂ ᠬᠠᠤᠯᠢ ᠴᠠᠭᠠᠵᠠ ᠬᠠᠤᠯᠢ ᠲᠤᠭᠳ᠋ᠠᠭᠠᠯ ᠢ ᠵᠢᠱᠢ᠍ᠶᠡᠴᠢ ᠪᠡᠷ ᠵᠢᠷᠤᠮᠯᠠᠵᠤ᠂ ᠠᠷᠠᠳ ᠲᠦ᠋ᠮᠡᠨ ᠡᠴᠡ ᠣᠯᠭᠣᠭᠰᠠᠨ ᠡᠷᠬᠡ ᠶᠢ ᠵᠥᠪ ᠬᠡᠷᠡᠭ᠍ᠵᠢ᠍ᠭᠦᠯᠵᠦ᠂ ᠠᠷᠠᠳ ᠲᠦ᠋ᠮᠡᠨ ᠤ ᠬᠢᠨᠠᠯᠲᠠ ᠶᠢ ᠤᠬᠠᠮᠰᠠᠷ ᠡᠴᠡ ᠪᠠᠨ ᠬᠦᠯᠢ᠍ᠶᠡᠵᠦ᠂ ᠨᠠᠮ ᠢ ᠰᠠᠨᠠᠭ᠎ᠠ ᠠᠮᠤᠷ ᠪᠠᠢ᠌ᠯᠭᠠᠬᠤ᠂ ᠠᠷᠠᠳ ᠲᠦ᠋ᠮᠡᠨ ᠤ ᠬᠠᠨᠤᠮᠵᠢ᠍ᠲᠠᠢ ᠲᠦ᠋ᠯᠦᠬᠡᠯᠡᠭ᠍ᠴᠢ ᠪᠣᠯᠵᠤ᠂ᠲᠥᠯᠥᠭᠡᠯᠡᠭ᠍ᠴᠢ᠍ᠳ ᠤᠨ ᠰᠠᠢ᠌ᠨ ᠰᠠᠢ᠌ᠬᠠᠨ ᠳᠦ᠋ᠷᠢ ᠲᠥᠷᠬᠦ ᠶᠢ ᠪᠠᠲᠤ ᠪᠡᠬᠢ ᠪᠤᠢ ᠪᠣᠯᠭᠠᠬᠤ ᠬᠡᠷᠡᠭ᠍ᠳ᠋ᠡᠢ ᠭᠡᠵᠡᠢ᠃


ᠰᠦ᠋ᠷ ᠵᠢᠪᠬᠤᠯᠠᠩᠲᠤ ᠤᠯᠤᠰ ᠤᠨ ᠰᠦ᠋ᠯᠳ᠋ᠡ ᠳᠠᠭᠤᠤ ᠶᠢᠨ ᠳᠤᠮᠳ᠋ᠠ᠂ ᠵᠠᠷᠤᠳ ᠬᠣᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠳᠥᠷᠪᠡᠳ᠋ᠦᠭᠡᠷ ᠬᠤᠷᠠᠯ ᠠᠮᠵᠢ᠍ᠯᠲᠠ ᠲᠠᠶ ᠦᠨᠳ᠋ᠣᠷᠯᠡᠪᠡ᠃

 

ᠡᠮᠦᠨᠡᠬᠢ᠄ ᠵᠠᠷᠤᠳ ᠬᠣᠰᠢ᠍ᠭᠤᠨ ᠤ ᠠᠷᠪᠠᠨ ᠵᠢᠷᠭᠤᠳ᠋ᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭ᠍ᠴᠢ᠍ᠳ ᠤᠨ ᠶᠡᠬᠡ ᠬᠤᠷᠠᠯ ᠤᠨ ᠲᠦ᠋ᠷᠪᠡᠳ᠋ᠣᠭᠡᠷ ᠬᠤᠷᠠᠯᠳ᠋ᠤᠭᠠᠨ ᠤ ᠲᠡᠷᠢ᠍ᠭᠦᠯᠡᠭ᠍ᠴᠢᠳ ᠤᠨ ᠪᠦᠯᠬᠦᠮ ᠤᠨ ᠭᠤᠷᠪᠠᠳ᠋ᠤᠭᠠᠷ ᠬᠤᠷᠠᠯ ᠬᠤᠷᠠᠯᠳ᠋ᠤᠪᠠ
ᠳᠠᠷᠠᠭᠠᠬᠢ᠄ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠲᠥᠯᠥᠭᠡᠯᠡᠭᠴᠢ ᠳᠤᠭᠤᠢᠯᠠᠩ ᠬᠤᠪᠢᠶᠠᠨ 《 ᠵᠠᠰᠠᠭ ᠤᠨ ᠣᠷᠳᠣᠨ ᠤ ᠠᠵᠢᠯ ᠤᠨ ᠢᠯᠡᠳᠬᠡᠯ 》ᠵᠢᠴᠢ ᠪᠤᠰᠤᠳ ᠢᠯᠡᠳᠬᠡᠯ ᠢ ᠬᠢᠨᠠᠨ ᠵᠥᠪᠯᠡᠪᠡ