ᠤᠳᠤ ᠶᠢᠨ ᠪᠠᠢ᠌ᠷᠢ᠄ ᠴᠢᠬᠤᠯᠠ ᠮᠡᠳᠡᠭᠡ → ᠰᠠᠢᠨ ᠲᠦᠷᠤ ᠶᠢᠨ ᠪᠤᠳᠤᠯᠭ᠎ᠠ ᠶᠢ ᠤᠯᠠᠠ᠁
ᠰᠠᠢᠨ ᠲᠦᠷᠤ ᠶᠢᠨ ᠪᠤᠳᠤᠯᠭ᠎ᠠ ᠶᠢ ᠤᠯᠠᠠ ᠲᠦᠮᠨᠨ ᠳᠡᠭᠡᠨ ᠰᠤᠨᠤᠰᠬᠠᠶ᠎ᠠ᠄ ᠪᠦᠬᠦ ᠤᠯᠤᠰ ᠤᠨ ᠠᠷᠠᠳ ᠤᠨ ᠲᠦᠯᠤᠭᠡᠯᠡᠭᠴᠢ ᠡᠤ ᠶᠦᠨ ᠪᠦᠸᠸ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠨ ᠪᠦᠬᠦ ᠤᠯᠤᠰ ᠤᠨ《ᠬᠤᠶᠠᠷ ᠬᠤᠷᠠᠯ》᠋ ᠤᠨ ᠵᠤᠷᠢᠭ ᠰᠠᠨᠠᠭ᠎ᠠ ᠶᠢ ᠤᠯᠠᠮᠵᠢᠯᠠᠵᠤ ᠪᠠᠢᠭ᠎ᠠ ᠨᠢ

 

     ᠵᠡᠬᠦᠨ ᠰᠠᠯᠠᠭ᠎ᠠ ᠭᠠᠴᠠᠭ᠎ᠠ ᠳᠤ ᠤᠬᠠᠭᠤᠯᠤᠨ ᠲᠠᠢᠯᠪᠤᠷᠢᠯᠠᠯᠳᠠ ᠬᠢᠵᠤ ᠪᠠᠢᠭ᠎ᠠ ᠨᠢ

ᠪᠦᠬᠦ ᠤᠯᠤᠰ ᠤᠨ ᠬᠤᠶᠠᠷ ᠬᠤᠷᠠᠯ ᠤᠨ ᠬᠤᠭᠤᠴᠠᠭᠠᠨ ᠳᠤ᠂ ᠰᠢ ᠵᠢᠨ ᠫᠢᠩ ᠶᠡᠷᠤᠩᠭᠡᠢ ᠱᠦᠵᠢ ᠶᠢᠨ ᠲᠤᠷᠠᠳᠤᠭᠰᠨᠨ《ᠮᠠᠨ ᠤ ᠠᠷᠠᠳ ᠲᠦᠮᠡᠨ᠂ ᠤᠨᠴᠠᠭᠠᠢᠯᠠᠨ ᠮᠠᠨ ᠤ ᠮᠠᠯᠴᠢᠨ ᠲᠠᠷᠢᠶᠠᠴᠢᠨ ᠢ ᠵᠠᠪᠠᠯ ᠲᠠᠳᠬᠦᠬᠦ ᠭᠡᠷᠡᠭᠳᠡᠢ》ᠭᠡᠳᠡᠭ ᠦᠭᠡ ᠨᠢ ᠨᠠᠳᠠ ᠳᠤ ᠲᠤᠢᠯ ᠤᠨ ᠬᠠᠯᠠᠭᠤᠨ ᠲᠤᠳᠤᠨᠤ ᠰᠠᠨᠠᠭᠳᠠᠪᠠ᠃ 5 ᠰᠠᠷ᠎ᠠ ᠶᠢᠨ31᠋ ᠤ ᠡᠳᠤᠷ᠂ ᠪᠦᠬᠦ ᠤᠯᠤᠰ ᠤᠨ ᠠᠷᠠᠳ ᠤᠨ ᠲᠦᠯᠤᠭᠡᠯᠡᠭᠴᠢ᠂ ᠵᠠᠷᠤᠤᠨ ᠬᠤᠰᠢᠭᠤᠨ ᠤ ᠪᠠᠶᠠᠨᠳᠠᠯ᠎ᠠ ᠰᠤᠮᠤ ᠶᠢᠨ ᠵᠡᠬᠦᠨ ᠰᠠᠯᠠᠭ᠎ᠠ ᠭᠠᠴᠠᠭᠠᠨ ᠤ ᠨᠠᠮ ᠤᠨ ᠡᠬᠦᠷ ᠤᠨ ᠱᠦᠵᠢ᠂ ᠮᠠᠯᠴᠢᠨ ᠠᠢᠯ ᠦᠭᠡᠷ ᠲᠠᠵᠢᠭᠡᠬᠦ ᠲᠤᠰᠬᠠᠢ ᠬᠤᠷᠰᠢᠶᠠᠵᠢᠯ ᠤᠨ ᠭᠡᠷᠡᠭ ᠡᠷᠬᠢᠯᠡᠭᠴᠢ ᠡᠤ ᠶᠦᠨ ᠪᠦᠸᠸ ᠭᠠᠴᠠᠭ᠎ᠠ ᠳᠠᠭᠠᠨ ᠪᠤᠴᠠᠵᠤ ᠢᠷᠡᠮᠡᠭᠴᠨ ᠤᠯᠨᠨ ᠲᠦᠮᠨᠨ ᠲᠠᠢ  ᠪᠠᠨ ᠪᠦᠬᠦ ᠤᠯᠤᠰ ᠤᠨ ᠬᠤᠶᠠᠷ ᠬᠤᠷᠠᠯ ᠤᠨ ᠰᠠᠢᠨ ᠲᠦᠷᠤ ᠶᠢᠨ ᠪᠤᠳᠤᠯᠭ᠎ᠠ ᠶᠢ ᠬᠤᠪᠢᠶᠠᠯᠴᠠᠭᠰᠨᠨ ᠪᠠᠢᠨ᠎ᠡ᠃

ᠶᠡᠷᠤᠩᠭᠡᠢ ᠱᠦᠵᠢ ᠭᠡᠯᠡᠭᠰᠨᠨ ᠨᠢ᠂ ᠠᠮᠢ ᠠᠬᠤᠢ ᠶᠢ ᠤᠷᠢᠳ ᠶᠢᠠᠷ ᠪᠤᠳᠤᠯᠬᠢᠯᠠᠬᠤ᠂ ᠪᠤᠬᠢᠷᠳᠤᠯ ᠦᠭᠡᠢ ᠬᠦᠭᠵᠢᠯᠳᠠ ᠶᠢᠨ ᠤᠳᠤᠷᠢᠳᠤᠮᠵᠢ ᠶᠢ ᠪᠠᠳᠤ ᠪᠡᠬᠢ ᠪᠤᠢ ᠪᠤᠯᠭᠠᠬᠤ ᠭᠡᠷᠡᠭᠳᠡᠢ ᠭᠡᠵᠡᠢ᠃ᠮᠠᠨ ᠤ ᠭᠠᠴᠠᠭᠠᠨ ᠳᠠᠭᠠᠨ᠂ ᠪᠢᠳᠠ ᠬᠦᠴᠢᠷ ᠵᠤᠪᠠᠭᠤᠷᠢ ᠶᠢ ᠲᠠᠰᠪᠤᠷᠢᠯᠡᠬᠦ᠂ ᠴᠤᠴᠠᠯᠳᠠ ᠦᠭᠡᠢ ᠤᠷᠤᠭᠰᠢᠯᠠᠬᠤ ᠮᠤᠩᠭᠤᠯ ᠮᠤᠷᠢᠨ ᠤ ᠵᠤᠷᠢᠭ ᠰᠠᠨᠠᠭ᠎ᠠ ᠶᠢ ᠪᠠᠳᠠᠷᠠᠭᠤᠯᠤᠨ᠂《ᠮᠠᠯᠴᠢᠨ ᠠᠢᠯ》᠋ ᠤᠨ ᠨᠡᠷᠡᠳᠤ ᠲᠠᠮᠳᠡᠭ᠌ ᠢ ᠰᠠᠢᠳᠤᠷ ᠬᠢᠵᠤ᠂ᠨᠡᠩ ᠤᠯᠠᠨ ᠮᠠᠯᠴᠢᠳ ᠢ ᠲᠠᠢᠴᠢᠯᠠᠨ ᠤᠷᠤᠯᠭ᠎ᠠ ᠶᠢ ᠨᠢ ᠨᠡᠮᠡᠭᠳᠡᠬᠦᠯᠤᠨ ᠪᠠᠶᠠᠵᠢᠭᠤᠯᠵᠤ᠂ ᠵᠡᠬᠦᠨ ᠰᠠᠯᠠᠭ᠎ᠠ ᠭᠠᠴᠠᠭ᠎ᠠ ᠪᠠᠨ ᠦᠵᠡᠰᠬᠦᠯᠡᠩᠳᠤ ᠰᠠᠢᠬᠠᠨ ᠬᠦᠳᠡᠭᠡ ᠲᠤᠰᠬᠤᠨ᠂ ᠵᠤᠯ ᠵᠢᠷᠭᠠᠯᠳᠤ ᠬᠦᠳᠡᠭᠡ ᠲᠤᠰᠬᠤᠨ ᠪᠤᠯᠭᠠᠨ ᠪᠦᠳᠤᠭᠡᠨ ᠪᠠᠢᠭᠤᠯᠤᠨ᠎ᠡ᠃ ᠡᠤ ᠶᠦᠨ ᠪᠦᠸᠸ ᠵᠡᠬᠦᠨ ᠰᠠᠯᠠᠭ᠎ᠠ ᠭᠠᠴᠠᠭ᠎ᠠ ᠶᠢᠨ《ᠮᠠᠯᠴᠢᠳ ᠤᠨ ᠭᠡᠷ ᠪᠦᠯᠢ》᠋ ᠳᠤ ᠭᠠᠴᠠᠭᠠᠨ ᠤ ᠨᠠᠮ ᠤᠨ ᠭᠡᠰᠢᠬᠦᠨ ᠪᠤᠯᠤᠨ ᠤᠯᠠᠨ ᠲᠦᠮᠨᠨ ᠲᠠᠢ ᠬᠠᠮᠳᠤ ᠰᠠᠭᠤᠯᠴᠠᠨ᠂ ᠭᠠᠴᠠᠭᠠᠨ ᠤ ᠪᠤᠳᠠᠳᠠᠢ ᠪᠠᠢᠳᠠᠯ ᠲᠠᠢ ᠪᠠᠨ ᠤᠶᠠᠯᠳᠤᠭᠤᠯᠤᠨ᠂ᠪᠦᠬᠦ ᠤᠯᠤᠰ ᠤᠨ《ᠬᠤᠶᠠᠷ ᠬᠤᠷᠠᠯ》᠋ ᠤᠨ ᠵᠤᠷᠢᠭ ᠰᠠᠨᠠᠭ᠎ᠠ ᠶᠢ ᠨᠠᠷᠢᠯᠢᠭ ᠲᠠᠢᠯᠪᠤᠷᠢᠯᠠᠭᠰᠠᠨ ᠪᠠ ᠤᠯᠨᠨ ᠲᠦᠮᠨᠨ ᠡᠴᠨ ᠢᠷᠡᠭᠡᠳᠤᠢ ᠶᠢᠨ ᠠᠮᠢᠳᠤᠷᠠᠯ ᠳᠠᠭᠠᠨ ᠬᠦᠰᠡᠯ ᠡᠷᠡᠮᠡᠯᠵᠡᠯ ᠪᠢᠯᠬᠠᠮ᠎ᠡ ᠪᠠᠢᠨ᠎ᠡ᠃


      ᠠᠷᠤ ᠬᠦᠨᠳᠡᠯᠡᠨ ᠪᠠᠯᠭᠠᠰᠤᠨ ᠤ ᠠᠮᠢ ᠠᠬᠤᠢ ᠶᠢᠨ ᠨᠡᠬᠦᠳᠡᠯ ᠲᠦᠮᠨᠨ ᠲᠠᠢ ᠨᠢᠭᠤᠷᠳᠠᠨ ᠰᠤᠯᠢᠯᠴᠠᠭᠰᠠᠨ ᠨᠢ

《ᠶᠡᠷᠤᠩᠭᠡᠢ ᠱᠦᠵᠢ ᠪᠦᠬᠦ ᠤᠯᠤᠰ ᠤᠨ ᠬᠤᠶᠠᠷ ᠬᠤᠷᠠᠯ ᠲᠠᠭᠡᠷ᠎ᠠ ᠮᠠᠨ ᠤ ᠮᠠᠯᠴᠢᠳ ᠤᠨ ᠲᠤᠬᠠᠢ ᠶᠠᠮᠠᠷ ᠰᠠᠢᠨ ᠲᠦᠷᠤ ᠶᠢᠨ ᠪᠤᠳᠤᠯᠭ᠎ᠠ ᠲᠤᠷᠠᠳᠤᠭᠰᠨᠨ ᠪᠤᠢ》ᠭᠡᠵᠤ ᠵᠠᠷᠤᠤᠨ ᠬᠤᠰᠢᠭᠤᠨ ᠤ ᠠᠷᠤ ᠬᠦᠨᠳᠡᠯᠡᠨ ᠪᠠᠯᠭᠠᠰᠤᠨ ᠤ ᠬᠠᠯᠠᠭᠠᠳᠤ ᠭᠠᠴᠠᠭ᠎ᠠ ᠶᠢᠨ ᠨᠠᠮ ᠤᠨ ᠡᠬᠦᠷ ᠤᠨ ᠱᠦᠵᠢ ᠮᠦᠩᠭᠡ ᠠᠰᠠᠭᠤᠪᠠ᠃《ᠶᠡᠷᠤᠩᠭᠡᠢ ᠱᠦᠵᠢ ᠴᠢᠬᠤᠯᠠᠴᠢᠯᠠᠭᠰᠨᠨ ᠨᠢ᠂ᠠᠷᠠᠳ ᠲᠦᠮᠨᠨ ᠤ ᠠᠮᠤᠷ ᠲᠠᠢᠪᠤᠩ ᠠᠵᠤ ᠲᠦᠷᠤᠬᠦ᠂ ᠠᠮᠤᠷ ᠲᠦᠪᠰᠢᠨ᠂ ᠬᠠᠯᠠᠭᠤᠨ ᠲᠤᠯᠠᠭᠠᠨ ᠢ ᠢᠮᠠᠭᠳᠠ ᠰᠡᠳᠬᠢᠯ ᠳᠡᠭᠡᠨ ᠪᠤᠳᠤᠵᠤ᠂ ᠤᠯᠨᠨ ᠲᠦᠮᠨᠨ ᠤ ᠠᠩᠬᠠᠷᠴᠤ ᠪᠠᠢᠭ᠎ᠠ ᠠᠵᠢᠯ ᠤᠯᠭᠤᠯᠳᠠ᠂ ᠰᠤᠷᠭᠠᠨ ᠬᠦᠮᠤᠵᠢᠯ᠂ᠨᠡᠢᠭᠡᠮ ᠤᠨ ᠪᠠᠳᠤᠯᠠᠭ᠎ᠠ᠂ ᠡᠮ ᠡᠮᠨᠡᠯᠭᠡ᠂ ᠤᠷᠤᠨ ᠰᠠᠭᠤᠴᠨ᠂ ᠨᠠᠰᠤᠵᠢᠯ ᠤᠨ ᠠᠰᠠᠷᠠᠮᠵᠢ᠂ ᠢᠳᠡᠭᠡᠨ ᠤ ᠠᠮᠤᠷ ᠲᠦᠪᠰᠢᠨ᠂ ᠨᠡᠢᠭᠡᠮ ᠤᠨ ᠠᠮᠤᠷ ᠲᠦᠪᠰᠢᠨ ᠵᠡᠷᠭᠡ ᠠᠰᠠᠭᠤᠳᠠᠯ ᠢ ᠪᠦᠬᠦ ᠰᠡᠳᠬᠢᠯ ᠶᠢᠠᠷ ᠬᠦᠴᠤ ᠲᠠᠯᠪᠢᠨ ᠰᠢᠢᠳᠪᠤᠷᠢᠯᠡᠵᠤ ᠶᠠᠳᠠᠭᠤ ᠡᠴᠨ ᠠᠩᠬᠢᠵᠢᠷᠠᠭᠤᠯᠬᠤ ᠪᠤᠭᠤᠮᠳᠠ ᠰᠢᠪᠳᠤᠯᠬᠤ᠋ ᠶᠢ ᠬᠦᠳᠡᠭᠡ ᠲᠤᠰᠬᠤᠨ ᠤ ᠰᠡᠷᠬᠦᠨ ᠮᠠᠨᠳᠤᠯᠳᠠ ᠲᠠᠢ ᠤᠷᠭᠠᠨᠢᠭ ᠶᠢᠠᠷ ᠵᠠᠯᠭᠠᠯᠳᠤᠬᠤ ᠶᠢ ᠲᠦᠯᠬᠢᠨ ᠠᠬᠢᠭᠤᠯᠤᠨ᠎ᠡ ᠭᠡᠵᠡᠢ》᠃ 6 ᠰᠠᠷ᠎ᠠ ᠶᠢᠨ 1᠋ ᠤ ᠡᠳᠤᠷ ᠤᠨ ᠦᠳᠡ ᠶᠢᠨ ᠡᠮᠤᠨ᠎ᠡ᠂ ᠡᠤ ᠶᠦᠨ ᠪᠦᠸᠸ ᠵᠠᠷᠤᠤᠨ ᠬᠤᠰᠢᠭᠤᠨ ᠤ ᠯᠦᠪᠸᠢ ᠪᠠᠯᠭᠠᠰᠤᠨ ᠤ ᠨᠤᠳᠤᠭᠳᠠᠨ ᠠᠢᠯ ᠳᠤ ᠢᠷᠡᠵᠤ ᠠᠷᠤ ᠬᠦᠨᠳᠡᠯᠡᠨ ᠪᠠᠯᠭᠠᠰᠤᠨ ᠤ ᠠᠮᠢ ᠠᠬᠤᠢ ᠶᠢᠨ ᠨᠡᠬᠦᠳᠠᠯ ᠲᠦᠮᠨᠨ ᠲᠠᠢ ᠨᠢᠭᠤᠷᠳᠠᠨ ᠰᠤᠯᠢᠯᠴᠠᠪᠠ᠃

ᠡᠤ ᠶᠦᠨ ᠪᠦᠸᠸ ᠶᠢᠨ ᠤᠬᠠᠭᠤᠯᠤᠨ ᠲᠠᠢᠯᠪᠤᠷᠢᠯᠡᠯᠳᠠ ᠶᠢ ᠰᠤᠨᠤᠰᠤᠭᠰᠨᠨ ᠤ ᠲᠠᠷᠠᠭ᠎ᠠ᠂ ᠶᠡᠷᠤᠩᠭᠡᠢ ᠱᠦᠵᠢ ᠪᠢᠳᠡᠠ ᠲᠠᠢ ᠰᠡᠳᠬᠢᠯ ᠬᠤᠯᠪᠤᠭ᠎ᠠ ᠲᠠᠢ ᠭᠡᠳᠡᠭ ᠢ ᠮᠡᠳᠡᠵᠤ᠂ ᠱᠦᠵᠢ ᠶᠢᠨ ᠲᠤᠷᠠᠳᠤᠭᠰᠨᠨ《ᠠᠷᠠᠳ ᠲᠦᠮᠨᠨ ᠢ ᠲᠠᠭᠡᠳᠤᠯᠡᠬᠦ》ᠪᠢᠳᠡᠠ ᠳᠤ ᠠᠪᠴᠤ ᠭᠡᠯᠡᠪᠡᠯ ᠲᠤᠢᠯ ᠤᠨ ᠲᠤᠳᠤᠨᠤ ᠰᠠᠨᠠᠭᠳᠠᠪᠠ᠃ ᠦᠨᠳᠤᠰᠤᠨ ᠱᠠᠳᠤᠨ ᠤ ᠨᠠᠮ ᠤᠨ ᠡᠬᠦᠷ ᠤᠨ ᠱᠦᠵᠢ ᠪᠤᠯᠤᠭᠰᠨᠨ ᠤ ᠬᠤᠪᠢ ᠳᠤ᠂ ᠪᠢᠳᠠ ᠠᠷᠠᠳ ᠲᠦᠮᠨᠨ ᠢ ᠲᠠᠭᠡᠳᠤᠯᠡᠬᠦ ᠤᠢᠯᠠᠭᠠᠭᠳᠠᠬᠤᠨ ᠶᠢᠠᠷ ᠡᠯ᠎ᠠ ᠲᠦᠷᠤᠯ ᠤᠨ ᠠᠵᠢᠯ ᠶᠢᠠᠨ ᠰᠠᠢᠳᠤᠷ ᠬᠢᠵᠤ᠂ᠨᠠᠮ ᠤᠨ ᠡᠯ᠎ᠠ ᠲᠦᠷᠤᠯ ᠤᠨ ᠴᠢᠭᠯᠡᠯᠳᠠ ᠲᠦᠷᠤ ᠶᠢᠨ ᠪᠤᠳᠤᠯᠭ᠎᠎ᠠ ᠶᠢ ᠲᠠᠷᠨ ᠶᠤᠰᠤᠭᠠᠷ ᠨᠢ ᠰᠠᠢᠳᠤᠷ ᠲᠤᠭᠤᠰᠢᠯᠠᠭᠤᠯᠤᠨ᠂ ᠶᠠᠳᠠᠭᠤ ᠡᠴᠨ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠢᠯᠠᠯᠳᠤᠭᠠᠨ ᠤ ᠢᠯᠡᠯᠳᠠ ᠶᠢ ᠵᠠᠪᠠᠯ ᠤᠯᠤᠨ᠎ᠡ ᠭᠡᠵᠤ ᠮᠦᠩᠭᠡ ᠡᠷᠡᠰ ᠪᠠᠳᠤ ᠭᠡᠯᠡᠪᠡ᠃

ᠡᠨᠡ ᠵᠢᠯ ᠤᠨ ᠪᠦᠬᠦ ᠤᠯᠤᠰ ᠤᠨ ᠬᠤᠶᠠᠷ ᠬᠤᠷᠠᠯ ᠤᠨ ᠬᠤᠭᠤᠴᠠᠭᠠᠨ ᠳᠤ᠂ ᠪᠢ《ᠬᠦᠳᠡᠭᠡ ᠲᠤᠰᠬᠤᠨ ᠤ ᠰᠡᠷᠬᠦᠨ ᠮᠠᠨᠳᠤᠯᠳᠠ ᠶᠢᠨ ᠪᠠᠢᠯᠳᠤᠬᠤ ᠪᠤᠳᠤᠯᠭ᠎ᠠ ᠶᠢ ᠨᠠᠢᠳᠠᠪᠤᠷᠢᠵᠢᠭᠤᠯᠵᠤ᠂ ᠬᠦᠳᠡᠭᠡ ᠲᠤᠰᠬᠤᠨ ᠮᠠᠯᠵᠢᠬᠤ ᠤᠷᠤᠨ ᠤ ᠴᠢᠳᠠᠪᠤᠳᠠᠨ ᠤ ᠡᠩᠨᠡᠭᠡ ᠶᠢᠨ ᠪᠦᠳᠤᠭᠡᠨ ᠪᠠᠢᠭᠤᠯᠤᠯᠳᠠ ᠶᠢ ᠲᠤᠯᠬᠢᠨ ᠠᠬᠢᠭᠤᠯᠬᠤ ᠲᠤᠬᠠᠢ ᠰᠠᠨᠠᠭᠤᠯᠭ᠎ᠠ》ᠲᠤᠰᠢᠶᠠᠪᠠ᠃ᠶᠷᠤᠩᠭᠡᠢ ᠱᠦᠵᠢ ᠡᠴᠨ ᠠᠮᠢ ᠠᠬᠤᠢ ᠶᠢᠨ ᠪᠤᠯᠪᠠᠰᠤᠨ ᠤ ᠪᠦᠳᠤᠭᠡᠨ ᠪᠠᠢᠭᠤᠯᠤᠯᠳᠠ ᠶᠢᠨ ᠪᠠᠢᠯᠳᠤᠬᠤ ᠪᠤᠳᠤᠯᠭ᠎ᠠ ᠶᠢ ᠲᠤᠭᠤᠰᠢᠯᠠᠭᠤᠯᠬᠤ ᠶᠢ ᠪᠠᠳᠤᠯᠠᠵᠤ᠂ ᠲᠠᠭᠡᠳᠤ ᠰᠤᠷᠭᠠᠭᠤᠯᠢ ᠲᠠᠬᠦᠰᠦᠭᠰᠡᠳ᠂ ᠬᠦᠯᠤᠰᠤᠨ ᠠᠵᠢᠯᠴᠢᠨ᠂ ᠴᠡᠷᠢᠭ᠌ ᠡᠴᠨ ᠬᠠᠯᠠᠭᠳᠠᠭᠰᠠᠳ ᠵᠡᠷᠭᠡ ᠭᠤᠤᠯᠳᠠᠯᠭ᠎ᠠ ᠲᠠᠢ ᠤᠯᠨᠨ ᠲᠦᠮᠨᠨ ᠤ ᠠᠵᠢᠯ ᠤᠯᠭᠤᠯᠳᠠ ᠶᠢᠨ ᠠᠵᠢᠯ ᠢ ᠰᠠᠢᠳᠤᠷ ᠬᠢᠨ᠎᠎ᠠ ᠭᠡᠵᠤ ᠲᠤᠷᠠᠳᠤᠪᠠ᠃ ᠡᠨᠡ ᠨᠢ ᠪᠢᠳᠠᠨ ᠤ ᠲᠠᠯ᠎ᠠ ᠨᠤᠳᠤᠭ ᠤᠨ ᠠᠮᠢ ᠠᠬᠤᠢ ᠶᠢᠨ ᠬᠠᠮᠠᠭᠠᠯᠠᠯᠳᠠ ᠶᠢ ᠴᠢᠩᠭᠠᠳᠬᠠᠬᠤ᠂ ᠡᠯ᠎ᠠ ᠲᠦᠷᠤᠯ ᠤᠨ ᠴᠢᠳᠠᠪᠤᠷᠢᠳᠠᠨ ᠢ ᠵᠤᠷᠢᠭᠵᠢᠭᠤᠯᠤᠨ᠂ᠬᠦᠳᠡᠭᠡ ᠲᠤᠰᠬᠤᠨ ᠮᠠᠯᠵᠢᠬᠤ ᠤᠷᠤᠨ ᠳᠤ ᠠᠪᠢᠶᠠᠰ ᠴᠢᠳᠠᠪᠤᠷᠢ ᠪᠠᠨ ᠪᠠᠳᠠᠷᠠᠭᠤᠯᠬᠤ ᠳᠤ ᠵᠢᠷᠤᠮᠯᠠᠯ ᠬᠠᠩᠭᠠᠨ᠎ᠡ ᠭᠡᠵᠤ ᠡᠤ ᠶᠦᠨ ᠪᠦᠸᠸ ᠡᠴᠨ ᠲᠠᠢᠯᠪᠤᠷᠢᠯᠠᠬᠤ ᠳᠠᠭᠠᠨ ᠶᠠᠷᠢᠪᠡ᠃

《ᠡᠤ ᠱᠦᠵᠢ ᠶᠢᠨ ᠤᠬᠠᠭᠤᠯᠤᠨ ᠲᠠᠢᠯᠪᠤᠷᠢᠯᠠᠯᠳᠠ ᠶᠢ ᠰᠤᠨᠤᠰᠤᠭᠠᠳ᠂ ᠪᠢ ᠶᠡᠷᠤᠩᠭᠡᠢ ᠱᠦᠵᠢ ᠡᠴᠨ ᠠᠮᠢ ᠠᠬᠤᠢ ᠶᠢᠨ ᠪᠤᠯᠪᠠᠰᠤᠨ ᠤ ᠪᠦᠳᠤᠭᠡᠨ ᠪᠠᠢᠭᠤᠯᠤᠯᠳᠠ ᠶᠢ ᠴᠢᠬᠤᠯᠠᠴᠢᠯᠠᠵᠤ ᠪᠠᠢᠭ᠎ᠠ ᠪᠠ ᠶᠡᠭᠡ ᠰᠤᠷᠭᠠᠭᠤᠯᠢ ᠶᠢᠨ ᠤᠶᠤᠳᠠᠳ ᠢ ᠬᠠᠯᠠᠮᠵᠢᠯᠠᠵᠤ ᠪᠠᠢᠭ᠎ᠠ ᠶᠢ ᠤᠢᠯᠠᠭᠠᠪᠠ᠃ ᠤᠳᠤᠬᠠᠨ ᠳᠤ ᠠᠵᠢᠯ ᠤᠯᠭᠤᠯᠳᠠ ᠶᠢ ᠲᠤᠭᠳᠠᠪᠤᠷᠢᠵᠢᠭᠤᠯᠬᠤ ᠲᠦᠷᠤ ᠶᠢᠨ ᠪᠤᠳᠤᠯᠭ᠎ᠠ ᠤᠯᠠᠮ ᠰᠠᠢᠵᠢᠷᠠᠵᠤ᠂ ᠶᠡᠭᠡ ᠰᠤᠷᠭᠠᠭᠤᠯᠢ ᠪᠠᠨ ᠲᠠᠬᠦᠰᠦᠭᠰᠨᠨ ᠤ ᠲᠠᠷᠠᠭᠠᠬᠢ ᠬᠦᠭᠵᠢᠯᠳᠠ ᠳᠤ ᠪᠢ ᠢᠳᠡᠭᠡᠯ  ᠲᠠᠢ ᠪᠠᠢᠨ᠎ᠡ᠃ ᠡᠬᠦᠨ ᠡᠴᠨ ᠬᠤᠢᠰᠢᠳᠠ ᠪᠢ ᠨᠡᠩ ᠴᠢᠷᠮᠠᠢᠨ ᠰᠤᠷᠤᠯᠴᠠᠵᠤ᠂ᠰᠤᠷᠭᠠᠭᠤᠯᠢ ᠪᠠᠨ ᠲᠠᠬᠦᠰᠦᠭᠰᠡᠨ ᠤ ᠲᠠᠷᠠᠭ᠎ᠠ ᠨᠤᠳᠤᠭ ᠲᠠᠭᠠᠨ ᠢᠷᠡᠵᠤ᠂ ᠨᠤᠳᠤᠭ ᠶᠢᠠᠨ ᠪᠦᠳᠤᠭᠡᠨ ᠪᠠᠢᠭᠤᠯᠵᠤ᠂ ᠨᠤᠳᠤᠭ ᠤᠨ ᠶᠢᠠᠨ ᠬᠦᠭᠡᠮᠳᠤᠭ᠌ ᠨᠤᠭᠤᠭᠠᠨ ᠠᠭᠤᠯᠨ ᠤᠰᠤ ᠪᠠᠨ ᠰᠠᠬᠢᠨ ᠬᠠᠮᠠᠭᠠᠯᠠᠨ᠎ᠡ》 ᠭᠡᠵᠤ ᠠᠷᠤ ᠬᠦᠨᠳᠡᠯᠡᠨ ᠪᠠᠯᠭᠠᠰᠤᠨ ᠤ ᠶᠡᠭᠡ ᠰᠤᠷᠭᠠᠭᠤᠯᠢ ᠶᠢᠨ ᠤᠶᠤᠳᠠᠨ ᠭᠡᠭᠡᠨᠵᠤᠯᠨ ᠵᠤᠷᠢᠭᠵᠢᠨ ᠭᠡᠯᠡᠪᠡ᠃

ᠨᠡᠢᠰᠯᠡᠯ ᠪᠡᠭᠡᠵᠢᠩ ᠡᠴᠨ ᠲᠠᠯ᠎ᠠ ᠨᠤᠳᠤᠭ ᠡᠴᠨ ᠰᠠᠶᠢ ᠬᠠᠷᠢᠵᠤ ᠢᠷᠡᠭᠰᠨᠨ ᠪᠦᠬᠦ ᠤᠯᠤᠰ ᠤᠨ ᠠᠷᠠᠳ ᠤᠨ ᠲᠦᠯᠤᠭᠡᠯᠡᠭᠴᠢ ᠡᠤ ᠶᠦᠨ ᠪᠦᠸᠸ ᠡᠴᠨ ᠶᠡᠷᠤᠩᠭᠡᠢ ᠱᠦᠵᠢ ᠶᠢᠨ ᠬᠦᠨ ᠵᠤᠵᠠᠭᠠᠨ ᠬᠠᠢᠷ᠎ᠠ ᠰᠡᠳᠭᠢᠯᠭᠡ ᠪᠠ ᠲᠤᠳᠤᠨᠤ ᠬᠠᠯᠠᠮᠵᠢᠯᠠᠯ ᠢ ᠮᠠᠯᠴᠢᠨ ᠲᠦᠮᠨᠨ ᠳᠡᠭᠡᠨ ᠤᠯᠠᠮᠵᠢᠯᠠᠨ ᠲᠠᠮᠵᠢᠭᠤᠯᠤᠭᠰᠨᠨ ᠪᠠᠢᠨ᠎ᠡ᠃

 

ᠡᠮᠦᠨᠡᠬᠢ᠄ ᠵᠠᠷᠤᠳ ᠬᠣᠰᠢᠭᠤᠨ ᠤ ᠠᠷᠪᠠᠨ ᠵᠢᠷᠭᠤᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠪᠠᠢᠩᠭᠤ ᠶᠢᠨ ᠬᠣᠷᠢᠶ᠎ᠠ ᠶᠢᠨ ᠠᠷᠪᠠᠨ ᠨᠠ᠍ᠢ᠍ᠮᠠᠳᠤᠭᠠᠷ ᠬᠤᠷᠠᠯ ᠬᠤᠷᠠᠯᠳᠤᠭᠰᠠᠠ ᠨᠢ
ᠳᠠᠷᠠᠭᠠᠬᠢ᠄ ᠲᠦᠩᠯᠢᠶᠤᠤ ᠬᠤᠳᠠ ᠪᠠ ᠵᠠᠷᠤᠤᠨ ᠬᠤᠰᠢᠭᠤᠨ ᠤ ᠬᠤᠶᠠᠷ ᠱᠠᠳᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠡᠴᠨ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠲᠠᠢ ᠬᠠᠮᠳᠤ《6.5》᠋᠋ ᠤ ᠲᠠᠯᠡᠭᠡᠢ ᠶᠢᠨ ᠤᠷᠴᠢᠨ ᠲᠤᠭᠤᠷᠢᠨ ᠤ ᠡᠳᠤᠷ ᠤᠨ ᠭᠤᠤᠯ ᠰᠡᠳᠤᠪᠳᠤ ᠠᠵᠢᠯᠯᠠᠭ᠎ᠠ ᠦᠷᠨᠢᠬᠦᠯᠪᠡ