ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠪᠠᠢᠭᠤᠯᠭ᠎ᠠ ᠶᠢᠨ ᠨᠠᠮ ᠤᠨ ᠡᠬᠦᠷ ᠲᠤᠮᠳᠠᠳᠤ ᠤᠯᠤᠰ ᠤᠨ ᠡᠪ ᠬᠠᠮᠳᠤ ᠨᠠᠮ ᠪᠠᠢᠭᠤᠯᠤᠭᠳᠠᠭᠰᠨᠨ 99 ᠵᠢᠯ ᠤᠨ ᠤᠢ ᠶᠢ ᠪᠡᠯᠭᠡᠯᠡᠬᠦ《ᠤᠯᠤᠰ ᠶᠢᠠᠨ ᠬᠠᠢᠷᠠᠯᠠᠬᠤ ᠡᠷᠡᠬᠦᠯ ᠬᠠᠮᠠᠭᠠᠯᠠᠯ》᠋ ᠤᠨ ᠠᠵᠢᠯᠯᠠᠭ᠎ᠠ ᠦᠷᠨᠢᠬᠦᠯᠪᠡ



7ᠰᠠᠷ᠎ᠠ ᠶᠢᠨ1᠋ ᠤ ᠡᠳᠤᠷ ᠤᠨ ᠦᠳᠡ ᠶᠢᠨ ᠡᠮᠤᠨ᠎ᠡ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠡᠷᠬᠢᠯᠡᠭᠴᠢ ᠪᠠᠶᠠᠨᠰᠠᠩ᠂ ᠲᠠᠳ᠋ ᠡᠷᠬᠢᠯᠡᠭᠴᠢ ᠡᠤ ᠰᠢᠶᠤᠤ᠂ ᠨᠠᠷᠢᠨ ᠪᠢᠴᠢᠭ᠌ ᠤᠨ ᠲᠠᠷᠤᠭ᠎ᠠ ᠯᠢ ᠴᠸᠩ ᠬᠦᠸᠸ ᠪᠠᠢᠭᠤᠯᠭ᠎ᠠ ᠶᠢᠨ ᠪᠦᠬᠦ ᠺᠠᠳ᠋ᠷ ᠠᠵᠢᠯᠳᠠᠨ ᠶᠢᠠᠨ ᠲᠠᠭᠠᠭᠤᠯᠤᠨ ᠫᠤᠤ ᠲᠠᠢ ᠱᠠᠨ ᠴᠡᠴᠡᠷᠯᠢᠭ᠌ ᠤᠨ ᠡᠷᠡᠬᠦᠯᠵᠢᠯ ᠤᠨ ᠵᠠᠮ ᠪᠠ ᠵᠠᠮ ᠤᠨ ᠬᠤᠶᠠᠷ ᠬᠠᠵᠠᠭᠤ ᠶᠢᠨ ᠬᠤᠭ ᠨᠤᠪᠰᠢ ᠶᠢ ᠲᠦᠢᠯᠪᠤᠷᠢᠳᠠᠢ ᠴᠡᠪᠡᠷᠯᠡᠪᠡ᠃


ᠲᠤᠰ ᠤᠳᠠᠭᠠᠨ ᠤ ᠭᠤᠤᠯ ᠰᠡᠳᠤᠪᠳᠤ ᠨᠠᠮ ᠤᠨ ᠡᠳᠤᠷ ᠤᠨ ᠬᠦᠳᠡᠯᠭᠡᠭᠡᠨ ᠦᠷᠨᠢᠬᠦᠯᠬᠦ ᠪᠡᠷ ᠲᠠᠮᠵᠢᠭᠤᠯᠤᠨ᠂ ᠪᠦᠬᠦ ᠺᠠᠳ᠋ᠷ ᠠᠵᠢᠯᠳᠠᠨ ᠳᠤ ᠲᠤᠮᠳᠠᠳᠤ ᠤᠯᠤᠰ ᠤᠨ ᠡᠪ ᠬᠠᠮᠳᠤ ᠨᠠᠮ ᠪᠠᠢᠭᠤᠯᠤᠭᠳᠠᠭᠰᠨᠨ 99 ᠵᠢᠯ ᠤᠨ ᠤᠢ ᠶᠢᠨ ᠲᠤᠷᠠᠰᠬᠠᠯ ᠤᠨ ᠡᠳᠤᠷ ᠲᠤ ᠨᠠᠮ ᠤᠨ ᠵᠤᠬᠢᠶᠠᠨ ᠪᠠᠢᠭᠤᠯᠤᠯᠳᠠ ᠶᠢᠨ ᠲᠦᠪᠯᠡᠷᠡᠩᠬᠦᠢ ᠬᠦᠴᠤᠨ ᠪᠤᠯᠤᠨ ᠠᠮᠢᠵᠢᠷᠠᠯ ᠤᠨ ᠬᠦᠴᠤᠨ ᠢ ᠮᠡᠳᠡᠬᠦᠯᠵᠤ᠂ ᠤᠯᠨᠨ ᠳᠤ ᠪᠠᠶᠠᠷ ᠪᠠᠶᠠᠰᠬᠤᠯᠠᠩᠳᠤ ᠠᠭᠤᠷ ᠠᠮᠢᠰᠬᠤᠯ ᠤᠨ ᠲᠤᠮᠳᠠ ᠬᠦᠳᠡᠯᠮᠤᠷᠢ ᠶᠢᠨ ᠪᠠᠶᠠᠷ ᠪᠠᠬᠠᠳᠤᠯ ᠢ ᠬᠦᠢᠴᠡᠳ ᠤᠢᠯᠠᠭᠠᠭᠤᠯᠤᠨ᠂ ᠺᠠᠳ᠋ᠷ ᠠᠵᠢᠯᠳᠠᠨ ᠤ ᠨᠢᠭᠳᠠᠷᠠᠯ ᠤᠨ ᠬᠦᠴᠤᠨ ᠪᠠ ᠲᠠᠢᠴᠢᠨ ᠬᠦᠴᠤᠨ ᠢ ᠨᠡᠮᠡᠭᠳᠡᠬᠦᠯᠦᠭᠰᠨᠨ ᠪᠠᠢᠨ᠎ᠡ᠃ ᠨᠠᠮ ᠤᠨ ᠭᠡᠰᠢᠬᠦᠨ ᠺᠠᠳ᠋ᠷ ᠠᠵᠢᠯᠳᠠᠨ ᠤ ᠤᠷᠴᠢᠨ ᠲᠤᠭᠤᠷᠢᠨ ᠢ ᠬᠠᠮᠠᠭᠠᠯᠠᠬᠤ᠂ ᠡᠷᠡᠬᠦᠯ ᠬᠠᠮᠠᠭᠠᠯᠠᠯ ᠢ ᠡᠷᠬᠢᠮᠯᠡᠬᠦ ᠶᠢ ᠬᠦᠳᠤᠯᠤᠨ ᠵᠢᠯᠤᠭᠤᠳᠴᠤ᠂ ᠦᠪᠡᠷ ᠤᠨ ᠪᠠᠶ᠎ᠠ ᠡᠴᠨ ᠪᠠᠨ ᠡᠬᠢᠯᠡᠨ ᠬᠢᠵᠤ᠂ ᠴᠡᠪᠡᠷ ᠭᠤᠶᠤ᠂ ᠵᠤᠯ ᠵᠢᠷᠭᠠᠯ ᠲᠠᠢ᠂ ᠤᠷᠤᠰᠢᠨ ᠰᠠᠭᠤᠬᠤ ᠳᠤ ᠲᠤᠬᠢᠷᠠᠮᠵᠢᠳᠠᠢ ᠦᠵᠡᠰᠬᠦᠯᠡᠩᠳᠤ ᠰᠠᠢᠬᠠᠨ ᠭᠡᠷ ᠤᠷᠤᠨ ᠢ ᠴᠢᠷᠮᠠᠢᠨ ᠪᠠᠢᠭᠤᠯᠬᠤ ᠡᠩᠨᠡᠭᠡ ᠳᠤ ᠢᠳᠡᠪᠬᠢᠳᠠᠢ ᠰᠠᠨᠠᠭᠠᠴᠢᠯᠠᠭ᠎ᠠ ᠡᠴᠨ ᠪᠠᠨ ᠤᠷᠤᠯᠴᠠᠬᠤ ᠶᠢ ᠬᠦᠰᠡᠪᠡ᠃