ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ 《ᠢᠷᠭᠡᠨ ᠤ ᠬᠠᠤᠯᠢ ᠶᠢᠨ ᠪᠢᠴᠢᠭ᠌》᠋ ᠤᠨ ᠲᠤᠰᠬᠠᠢ ᠰᠡᠳᠤᠪᠳᠤ ᠪᠤᠯᠪᠠᠰᠤᠷᠠᠯ ᠤᠨ ᠠᠩᠬᠢ ᠡᠷᠬᠢᠯᠡᠪᠡ



ᠪᠦᠬᠦ ᠬᠤᠰᠢᠭᠤᠨ ᠤ ᠲᠦᠷᠪᠠᠨ ᠱᠠᠳᠤᠨ ᠤ ᠠᠷᠠᠳ ᠤᠨ ᠲᠦᠯᠤᠭᠡᠯᠡᠭᠴᠢ᠂ ᠠᠷᠠᠳ ᠤᠨ ᠲᠦᠯᠤᠭᠡᠯᠡᠭᠴᠢ ᠶᠢᠨ ᠶᠡᠭᠡ ᠬᠤᠷᠠᠯ ᠤᠨ ᠠᠵᠢᠯᠯᠠᠭᠴᠢ ᠵᠢᠴᠢ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠤ ᠢᠷᠭᠡᠨ ᠤ ᠬᠠᠤᠯᠢ ᠶᠢᠨ ᠪᠢᠴᠢᠭ᠌ ᠢ ᠰᠠᠢᠳᠤᠷ ᠰᠤᠷᠤᠯᠴᠠᠨ ᠰᠠᠢᠳᠤᠷ ᠭᠡᠷᠡᠭᠯᠡᠬᠦᠯᠬᠦ ᠶᠢᠨ ᠲᠦᠯᠤᠭᠡ᠂ 7 ᠰᠠᠷ᠎ᠠ ᠶᠢᠨ 17᠋ ᠤ ᠡᠳᠤᠷ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠬᠤᠰᠢᠭᠤᠨ ᠤ ᠨᠠᠮ ᠤᠨ ᠬᠤᠷᠢᠶᠠᠨ ᠤ ᠤᠨᠤᠯ ᠰᠤᠷᠤᠯᠴᠠᠬᠤ ᠭᠤᠤᠯ ᠲᠤᠭᠤᠢᠯᠠᠩ ᠤᠨ ᠰᠤᠷᠤᠯᠴᠠᠯᠭ᠎ᠠ ᠶᠢᠨ ᠬᠤᠷᠠᠯ ᠲᠠᠢ ᠤᠶᠠᠯᠳᠤᠭᠤᠯᠤᠨ᠂ ᠢᠷᠭᠡᠨ ᠤ ᠬᠠᠤᠯᠢ ᠶᠢᠨ ᠪᠢᠴᠢᠭ᠌ ᠤᠨ ᠲᠤᠰᠬᠠᠢ ᠰᠡᠳᠤᠪᠳᠤ ᠰᠤᠷᠤᠯᠴᠠᠯᠭ᠎ᠠ ᠶᠢᠨ ᠪᠤᠯᠪᠠᠰᠤᠷᠠᠯ ᠤᠨ ᠠᠩᠬᠢ ᠡᠷᠬᠢᠯᠡᠪᠡ᠃ ᠪᠦᠬᠦ ᠬᠤᠰᠢᠭᠤᠨ ᠤ ᠲᠦᠷᠪᠠᠨ ᠱᠠᠳᠤᠨ ᠤ ᠠᠷᠠᠳ ᠤᠨ ᠲᠦᠯᠤᠭᠡᠯᠡᠭᠴᠢ᠂ ᠪᠠᠢᠭᠤᠯᠭ᠎ᠠ ᠶᠢᠨ ᠪᠦᠬᠦ ᠺᠠᠳ᠋ᠷ ᠠᠵᠢᠯᠳᠠᠨ ᠵᠢᠴᠢ ᠪᠦᠬᠦ ᠬᠤᠰᠢᠭᠤᠨ ᠤ ᠭᠡᠰᠡᠭ ᠰᠠᠯᠠᠭᠠᠨ ᠲᠠᠰ ᠡᠴᠨ ᠲᠠᠭᠡᠭᠰᠢᠬᠢ ᠤᠳᠤᠷᠢᠳᠬᠤ ᠺᠠᠳ᠋ᠷ ᠨᠡᠢᠳᠠ 310 ᠢᠯᠡᠬᠦᠤ ᠬᠦᠮᠤᠰ ᠪᠤᠯᠪᠠᠰᠤᠷᠠᠯ ᠳᠤ ᠤᠷᠤᠯᠴᠠᠪᠠ᠃ ᠪᠤᠯᠪᠠᠰᠤᠷᠠᠯ ᠢ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠡᠷᠬᠢᠯᠡᠭᠴᠢ ᠪᠠᠶᠠᠨᠰᠠᠩ ᠡᠷᠬᠢᠯᠡᠪᠡ᠃



ᠬᠤᠷᠠᠯ ᠲᠠᠭᠡᠷ᠎ᠠ᠂ ᠦᠪᠤᠷ ᠮᠤᠩᠭᠤᠯ ᠤᠨ ᠦᠨᠳᠤᠰᠤᠳᠠᠨ ᠤ ᠶᠡᠭᠡ ᠰᠤᠷᠭᠠᠭᠤᠯᠢ ᠶᠢᠨ ᠫᠷᠤᠹᠰᠰᠤᠷ ᠨᠠᠷᠠᠨᠳᠤᠶᠠᠭ᠎ᠠ《ᠰᠢᠨ᠎ᠡ ᠴᠠᠭ ᠦᠶ᠎ᠠ ᠶᠢᠨ ᠤᠷᠢᠶᠠᠯᠠᠭ᠎ᠠ--- ᠢᠷᠭᠡᠨ ᠤ ᠬᠠᠤᠯᠢ ᠶᠢᠨ ᠪᠢᠴᠢᠭ᠌》᠋ ᠶᠢᠠᠷ ᠰᠡᠳᠤᠪᠯᠡᠵᠤ᠂ ᠢᠷᠭᠡᠨ ᠤ ᠬᠠᠤᠯᠢ ᠶᠢᠨ ᠬᠦᠭᠵᠢᠯᠳᠠ ᠶᠢᠨ ᠶᠠᠪᠤᠴᠨ᠂ ᠢᠷᠭᠡᠨ ᠤ ᠬᠠᠤᠯᠢ ᠶᠢᠨ ᠪᠢᠴᠢᠭ᠌ ᠤᠨ ᠭᠡᠷᠡᠭᠴᠡᠭᠡ᠂ ᠢᠷᠭᠡᠨ ᠤ ᠬᠠᠤᠯᠢ ᠶᠢᠨ ᠪᠢᠴᠢᠭ᠌ ᠤᠨ ᠵᠠᠷᠴᠢᠮ ᠪᠠ ᠠᠭᠤᠯᠭ᠎ᠠ ᠶᠢᠨ ᠲᠤᠭᠤᠷᠢᠨ ᠳᠤ᠂ ᠬᠠᠷᠢᠭᠤ ᠲᠤᠰᠬᠠᠭᠰᠨᠨ ᠴᠠᠭ ᠦᠶ᠎ᠠ ᠶᠢᠨ ᠱᠠᠭᠠᠷᠳᠠᠯᠭ᠎ᠠ ᠵᠢᠴᠢ ᠤᠯᠨᠨ ᠲᠦᠮᠨᠨ ᠤ ᠨᠡᠢᠳᠠᠮ ᠶᠢᠠᠷ ᠠᠩᠬᠠᠷᠴᠤ ᠪᠠᠢᠭ᠎ᠠ ᠬᠦᠮᠤᠨ ᠤ ᠨᠡᠷ᠎ᠠ ᠬᠦᠨᠳᠤ ᠶᠢ ᠬᠠᠮᠠᠭᠠᠯᠠᠬᠤ᠂ ᠤᠷᠤᠰᠢᠨ ᠰᠠᠭᠤᠬᠤ ᠡᠷᠭᠡ ᠶᠢᠨ ᠪᠠᠳᠤᠯᠠᠭ᠎ᠠ ᠵᠡᠷᠭᠡ ᠲᠠᠯ᠎ᠠ ᠶᠢᠨ ᠵᠠᠰᠠᠪᠤᠷᠢ ᠤᠷᠤᠭᠤᠯᠤᠭᠰᠨᠨ ᠬᠢᠯᠡᠰ ᠴᠡᠭ ᠲᠠᠢ ᠤᠶᠠᠯᠳᠤᠭᠤᠯᠤᠨ ᠬᠦᠨᠵᠡᠭᠡᠢ ᠲᠠᠢᠯᠪᠤᠷᠢᠯᠠᠯᠳᠠ ᠬᠢᠭᠰᠡᠡ ᠪᠠᠢᠨ᠎ᠡ᠃

ᠪᠠᠶᠠᠨᠰᠠᠩ ᠡᠷᠬᠢᠯᠡᠭᠴᠢ ᠱᠠᠭᠠᠷᠳᠠᠭᠰᠨᠨ ᠨᠢ᠂ ᠡᠯ᠎ᠠ ᠱᠠᠳᠤᠨ ᠤ ᠠᠷᠠᠳ ᠤᠨ ᠲᠦᠯᠤᠭᠡᠯᠡᠭᠴᠢ ᠪᠠ ᠪᠤᠰᠤᠤᠨ ᠪᠤᠯᠪᠠᠰᠤᠷᠠᠯ ᠳᠤ ᠤᠷᠤᠯᠴᠠᠭᠰᠠᠳ ᠲᠤᠰ ᠤᠳᠠᠭᠠᠨ ᠤ ᠬᠠᠤᠯᠢ ᠲᠦᠷᠢᠮ ᠤᠨ ᠲᠠᠢᠯᠤᠮᠵᠢ ᠶᠢᠨ ᠮᠡᠳᠡᠯᠭᠡ ᠶᠢ ᠦᠪᠡᠷ ᠤᠨ ᠰᠤᠩᠭᠤᠭᠤᠯᠢ ᠶᠢᠨ ᠲᠤᠭᠤᠷᠢᠭ ᠪᠠ ᠦᠷᠭᠡᠨ ᠤᠯᠠᠨ ᠮᠠᠯᠴᠢᠨ ᠲᠦᠮᠨᠨ ᠤ ᠲᠤᠮᠳᠠ ᠤᠯᠠᠮᠵᠢᠯᠠᠵᠤ᠂ ᠢᠷᠭᠡᠨ ᠤ ᠬᠠᠤᠯᠢ ᠶᠢᠨ ᠪᠢᠴᠢᠭ᠌ ᠢ ᠦᠨᠡᠨᠬᠦ ᠬᠦᠮᠤᠰ ᠤᠨ ᠲᠠᠷᠢᠬᠢ ᠲᠤᠯᠤᠭᠠᠢ ᠳᠤ ᠬᠠᠳᠠᠩᠰᠢᠭᠤᠯᠤᠨ᠂ ᠠᠷᠠᠳ ᠢᠷᠭᠡᠳ ᠤᠨ ᠰᠠᠢᠨ ᠰᠠᠢᠬᠠᠨ ᠠᠮᠢᠳᠤᠷᠠᠯ ᠢ ᠬᠠᠮᠠᠭᠠᠯᠠᠵᠤ᠂ ᠲᠤᠰ ᠤᠳᠠᠭᠠᠨ ᠤ ᠬᠠᠤᠯᠢ ᠴᠠᠭᠠᠵᠨ ᠶᠢᠨ ᠲᠠᠢᠯᠤᠮᠵᠢ ᠶᠢᠨ ᠤᠢᠯᠡᠳᠤᠯ ᠢ ᠬᠦᠢᠴᠡᠳ ᠪᠠᠳᠠᠷᠠᠭᠤᠯᠬᠤ ᠭᠡᠷᠡᠭᠳᠡᠢ᠃ ᠮᠠᠨ ᠤ ᠬᠤᠰᠢᠭᠤᠨ ᠤ ᠪᠦᠬᠦ ᠠᠷᠠᠳ ᠤᠨ ᠬᠠᠤᠯᠢ ᠰᠤᠷᠤᠯᠴᠠᠵᠤ ᠬᠠᠤᠯᠢ ᠭᠡᠷᠡᠭᠯᠡᠬᠦ ᠠᠵᠢᠯᠯᠠᠭ᠎ᠠ ᠶᠢ ᠤᠯᠠᠮ ᠨᠢᠭᠡ ᠠᠯᠬᠤᠮ ᠠᠬᠢᠭᠤᠯᠵᠤ᠂ ᠪᠦᠬᠦ ᠬᠤᠰᠢᠭᠤᠨ ᠤ ᠤᠯᠤᠰ ᠲᠦᠷᠤ ᠶᠢᠨ ᠠᠮᠤᠷ ᠲᠤᠭᠳᠠᠭᠤᠨ᠂ ᠨᠡᠢᠭᠡᠮ ᠤᠨ ᠲᠤᠭᠳᠠᠭᠤᠨ᠂ ᠠᠵᠤ ᠠᠬᠤᠢ ᠶᠢᠨ ᠬᠦᠭᠵᠢᠯᠳᠠ ᠵᠢᠴᠢ ᠡᠯ᠎ᠠ ᠲᠦᠷᠤᠯ ᠤᠨ ᠠᠵᠢᠯ ᠤᠢᠯᠡᠰ ᠤᠨ ᠲᠠᠪᠰᠢᠯᠳᠠ ᠶᠢ ᠤᠯᠠᠮ ᠨᠢᠭᠡ ᠠᠯᠬᠤᠮ ᠠᠬᠢᠭᠤᠯᠬᠤ ᠳᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠲᠦᠯᠤᠭᠡᠯᠡᠭᠴᠢᠳ ᠲᠤ ᠦᠵᠡᠬᠦᠯᠪᠠᠰᠤ ᠵᠤᠬᠢᠬᠤ ᠬᠤᠪᠢ ᠨᠡᠮᠡᠷᠢ ᠪᠠᠨ ᠦᠵᠡᠬᠦᠯᠬᠦ ᠭᠡᠷᠡᠭᠳᠡᠢ ᠭᠡᠵᠡᠢ᠃