ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ᠁
ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠡᠷᠬᠢᠯᠡᠭᠴᠢ ᠪᠠᠶᠠᠨᠰᠠᠩ ᠪᠠᠶᠠᠷᠳᠤᠬᠤᠰᠢᠭᠤ ᠪᠠᠯᠭᠠᠰᠤᠨ ᠤ ᠤᠳᠤᠬᠠᠨ ᠤ ᠭᠤᠤᠯᠳᠠᠯᠭ᠎ᠠ ᠲᠠᠢ ᠠᠵᠢᠯ ᠢ ᠪᠠᠢᠴᠠᠭᠠᠨ ᠵᠢᠯᠤᠭᠤᠳᠪᠠ

      《ᠨᠠᠮ ᠤᠨ ᠬᠤᠷᠢᠶ᠎ᠠ(ᠨᠠᠮ ᠤᠨ ᠤᠳᠤᠷᠢᠳᠬᠤ ᠲᠤᠭᠤᠢᠯᠠᠩ)᠋ ᠶᠢᠨ ᠱᠦᠵᠢ ᠪᠠ ᠤᠳᠤᠷᠢᠳᠬᠤ ᠪᠠᠭ ᠤᠨ ᠪᠦᠷᠢᠯᠳᠤᠬᠦᠨ ᠭᠡᠰᠢᠬᠦᠨ ᠤ ᠨᠠᠮ ᠤᠨ ᠡᠬᠦᠷ ᠤᠨ ᠠᠵᠢᠯ ᠤᠨ ᠬᠠᠷᠢᠯᠴᠠᠬᠤ ᠴᠡᠭ ᠢ ᠪᠠᠢᠭᠤᠯᠬᠤ ᠲᠤᠬᠠᠢ ᠮᠡᠳᠡᠭᠳᠡᠯ》᠋ ᠤᠨ ᠱᠠᠭᠠᠷᠳᠠᠯᠭ᠎ᠠ ᠶᠤᠰᠤᠭᠠᠷ᠂ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠱᠦᠵᠢ᠂ ᠡᠷᠬᠢᠯᠡᠭᠴᠢ ᠪᠠᠶᠠᠨᠰᠠᠩ ᠪᠠᠶᠠᠷᠳᠤᠬᠤᠰᠢᠭᠤ ᠪᠠᠯᠭᠠᠰᠤᠨ ᠤ ᠬᠠᠷᠢᠯᠴᠠᠬᠤ ᠴᠡᠭ ᠤᠨ ᠤᠳᠤᠬᠠᠨ ᠤ ᠭᠤᠤᠯᠳᠠᠯᠭ᠎ᠠ ᠲᠠᠢ ᠠᠵᠢᠯ ᠢ ᠪᠠᠢᠴᠠᠭᠠᠨ ᠵᠢᠯᠤᠭᠤᠳᠪᠠ᠃

        
            ᠪᠠᠶᠠᠨᠰᠠᠩ ᠡᠷᠬᠢᠯᠡᠭᠴᠢ ᠬᠤᠪᠤᠯᠳᠤ ᠭᠠᠴᠠᠭᠠᠨ ᠤ ᠨᠠᠮ ᠤᠨ ᠡᠬᠦᠷ ᠬᠢᠭᠡᠳ ᠪᠠᠯᠭᠠᠰᠤ ᠭᠠᠴᠠᠭ᠎ᠠ ᠬᠤᠶᠠᠷ ᠱᠠᠳᠤᠨ ᠤ ᠺᠠᠳ᠋ᠷ ᠪᠠ ᠶᠠᠳᠠᠭᠤ ᠡᠴᠨ ᠠᠩᠬᠢᠵᠢᠷᠠᠭᠤᠯᠬᠤ ᠪᠤᠭᠤᠮᠳᠠ ᠰᠢᠪᠳᠤᠯᠬᠤ ᠭᠠᠴᠠᠭ᠎ᠠ ᠳᠤ ᠰᠠᠭᠤᠭ᠎ᠠ ᠠᠵᠢᠯᠯᠠᠬᠤ ᠠᠩᠬᠢ ᠶᠢᠨ ᠬᠦᠮᠤᠰ ᠲᠠᠢ ᠶᠠᠷᠢᠯᠴᠠᠵᠤ ᠰᠠᠨᠠᠯ ᠶᠢᠠᠨ ᠰᠤᠯᠢᠯᠴᠠᠨ᠂ ᠬᠤᠪᠤᠯᠳᠤ ᠭᠠᠴᠠᠭᠠᠨ ᠤ ᠨᠠᠮ ᠤᠨ ᠡᠬᠦᠷ ᠤᠨ ᠲᠠᠭᠡᠳᠤ ᠱᠠᠳᠤᠨ ᠤ ᠨᠠᠮ ᠤᠨ ᠬᠤᠷᠢᠶᠠᠨ ᠤ ᠰᠢᠢᠳᠪᠤᠷᠢᠳᠤ ᠪᠤᠳᠤᠯᠭ᠎ᠠ ᠶᠢᠨ ᠪᠠᠢᠷᠢᠯᠠᠭᠤᠯᠤᠯᠳᠠ ᠶᠢᠨ ᠪᠠᠢᠳᠠᠯ ᠢ ᠲᠤᠭᠤᠰᠢᠯᠠᠭᠤᠯᠤᠨ ᠨᠠᠢᠳᠠᠪᠤᠷᠢᠵᠢᠭᠤᠯᠵᠤ ᠪᠠᠢᠭ᠎ᠠ ᠪᠠᠢᠳᠠᠯ᠂ ᠨᠠᠮ ᠤᠨ ᠪᠠᠢᠭᠤᠯᠤᠯᠳᠠ ᠶᠢ ᠠᠳᠬᠤᠨ ᠶᠠᠳᠠᠭᠤ ᠡᠴᠨ ᠠᠩᠬᠢᠵᠢᠷᠠᠭᠤᠯᠬᠤ ᠪᠤᠭᠤᠮᠳᠠ ᠰᠢᠪᠳᠤᠯᠬᠤ᠂ ᠬᠦᠳᠡᠭᠡ ᠲᠤᠰᠬᠤᠨ ᠤ ᠰᠡᠷᠬᠦᠨ ᠮᠠᠨᠳᠤᠯᠳᠠ ᠶᠢ ᠠᠬᠢᠭᠤᠯᠬᠤ᠂ ᠨᠠᠮ ᠤᠨ ᠪᠠᠢᠭᠤᠯᠤᠯᠳᠠ ᠪᠡᠷ ᠦᠨᠳᠤᠰᠤᠨ ᠱᠠᠳᠤᠨ ᠤ ᠨᠡᠢᠭᠡᠮ ᠤᠨ ᠵᠠᠰᠠᠯᠳᠠ ᠶᠢ ᠬᠦᠳᠤᠯᠤᠨ ᠲᠠᠭᠠᠭᠤᠯᠬᠤ ᠵᠡᠷᠭᠡ ᠠᠵᠢᠯ ᠦᠷᠨᠢᠬᠦᠯᠦᠭᠰᠨᠨ ᠪᠠᠢᠳᠠᠯ ᠢ ᠨᠠᠷᠢᠯᠢᠭ ᠤᠢᠯᠠᠭᠠᠪᠠ᠃ ᠤᠨᠴᠠᠭᠠᠢᠯᠠᠨ ᠨᠠᠮ ᠤᠨ ᠵᠤᠬᠢᠶᠠᠨ ᠪᠠᠢᠭᠤᠯᠤᠯᠳᠠ ᠶᠢᠨ ᠦᠷᠨᠢᠬᠦᠯᠦᠭᠰᠨᠨ ᠠᠵᠢᠯᠯᠠᠭ᠎ᠠ᠂ ᠨᠠᠮ ᠤᠨ ᠭᠡᠰᠢᠬᠦᠨ ᠤ ᠡᠩᠨᠡᠭᠡ ᠶᠢᠨ ᠪᠦᠳᠤᠭᠡᠨ ᠪᠠᠢᠭᠤᠯᠤᠯᠳᠠ᠂ ᠭᠠᠴᠠᠭ᠎ᠠ ᠲᠤᠰᠬᠤᠨ ᠤ ᠬᠤᠶᠠᠷ ᠵᠦᠪᠯᠡᠯ ᠤᠨ ᠬᠤᠭᠤᠴᠠᠭ᠎ᠠ ᠰᠤᠯᠢᠬᠤ᠂ ᠭᠠᠴᠠᠭ᠎ᠠ ᠲᠤᠰᠬᠤᠨ ᠤ ᠬᠠᠮᠳᠤ ᠶᠢᠨ ᠠᠵᠤ ᠠᠬᠤᠢ ᠶᠢ ᠪᠤᠵᠠᠭᠠᠢᠷᠠᠭᠤᠯᠤᠨ ᠬᠦᠭᠵᠢᠬᠦᠯᠬᠦ᠂ ᠭᠤᠤᠯ ᠡᠬᠦᠷᠭᠡ ᠶᠢᠨ ᠲᠤᠭᠤᠷᠢᠨ ᠳᠤ ᠤᠢᠯᠡᠳᠤᠯ ᠶᠢᠠᠨ ᠪᠠᠳᠠᠷᠠᠭᠤᠯᠤᠭᠰᠨᠨ ᠵᠡᠷᠭᠡ ᠪᠠᠢᠳᠠᠯ ᠳᠤ ᠬᠦᠨᠵᠡᠭᠡᠢ ᠤᠢᠯᠠᠭᠠᠯᠳᠠ ᠬᠢᠬᠦ ᠶᠢᠨ ᠬᠠᠮᠳᠤ᠂ ᠤᠷᠤᠰᠢᠵᠤ ᠪᠠᠢᠭ᠎ᠠ ᠠᠰᠠᠭᠤᠳᠠᠯ ᠪᠠ ᠬᠦᠴᠢᠷᠳᠠᠯ ᠳᠤ ᠵᠢᠯᠤᠭᠤᠳᠤᠯᠭ᠎ᠠ ᠬᠢᠭᠰᠡᠨ ᠪᠠ ᠱᠠᠭᠠᠷᠳᠠᠯᠭ᠎ᠠ ᠲᠤᠷᠠᠳᠤᠪᠠ᠃

      ᠪᠠᠶᠠᠨᠰᠠᠩ ᠡᠷᠬᠢᠯᠡᠭᠴᠢ ᠱᠠᠭᠠᠷᠳᠠᠭᠰᠨᠨ ᠨᠢ᠂ ᠨᠠᠮ ᠤᠨ ᠪᠠᠢᠭᠤᠯᠤᠯᠳᠠ ᠪᠠᠷ ᠬᠦᠳᠤᠯᠤᠨ ᠲᠠᠭᠠᠭᠤᠯᠵᠤ᠂ ᠠᠵᠤ ᠠᠬᠤᠢᠯᠠᠯ ᠤᠨ ᠬᠦᠭᠵᠢᠯᠳᠠ ᠶᠢ ᠠᠬᠢᠭᠤᠯᠤᠨ᠂ ᠭᠠᠴᠠᠭᠠᠨ ᠤ ᠨᠠᠮ ᠤᠨ ᠡᠬᠦᠷ ᠤᠨ ᠲᠠᠢᠴᠢᠨ ᠪᠠᠬᠢᠯᠡᠯᠳᠠ ᠶᠢᠨ ᠤᠢᠯᠡᠳᠤᠯ ᠢ ᠬᠦᠢᠴᠡᠳ ᠪᠠᠳᠠᠷᠠᠭᠤᠯᠵᠤ᠂ ᠪᠤᠳᠠᠳᠠᠢ ᠳᠤ ᠰᠠᠭᠤᠷᠢᠯᠠᠨ᠂ ᠲᠤᠬᠠᠢ ᠶᠢᠨ ᠭᠠᠵᠠᠷ ᠤᠨ ᠪᠠᠢᠳᠠᠯ ᠳᠤ ᠲᠤᠬᠢᠷᠠᠭᠤᠯᠵᠤ᠂ ᠤᠨᠴᠠᠯᠢᠭᠳᠤ ᠠᠵᠤ ᠠᠬᠤᠢᠯᠠᠯ ᠢ ᠬᠦᠭᠵᠢᠬᠦᠯᠤᠨ᠂ ᠭᠠᠴᠠᠭ᠎ᠠ ᠲᠤᠰᠬᠤᠨ ᠤ ᠬᠠᠮᠳᠤ ᠶᠢᠨ ᠠᠵᠤ ᠠᠬᠤᠢ ᠶᠢᠨ ᠭᠦᠭᠵᠢᠯᠳᠠ ᠶᠢ ᠪᠤᠵᠠᠭᠠᠢᠷᠠᠭᠤᠯᠬᠤ ᠶᠢ ᠠᠬᠢᠭᠤᠯᠵᠤ᠂ ᠤᠯᠨᠨ ᠲᠦᠮᠨᠨ ᠤ ᠤᠷᠤᠯᠭ᠎ᠠ ᠶᠢ ᠨᠡᠮᠡᠭᠳᠡᠬᠦᠯᠤᠨ ᠪᠠᠶᠠᠵᠢᠭᠤᠯᠬᠤ ᠶᠢ ᠲᠠᠢᠴᠢᠯᠠᠬᠤ ᠭᠡᠷᠡᠭᠳᠡᠢ᠃《ᠲᠤᠮᠳᠠᠳᠤ ᠤᠯᠤᠰ ᠤᠨ ᠡᠪ ᠬᠠᠮᠳᠤ ᠨᠠᠮ ᠤᠨ ᠡᠬᠦᠷ ᠤᠨ ᠠᠵᠢᠯ ᠤᠨ ᠲᠦᠷᠢᠮ》《ᠲᠤᠮᠳᠠᠳᠤ ᠤᠯᠤᠰ ᠤᠨ ᠡᠪ ᠬᠠᠮᠳᠤ ᠨᠠᠮ ᠤᠨ ᠬᠦᠳᠡᠭᠡ ᠲᠤᠰᠬᠤᠨ ᠤ ᠦᠨᠳᠤᠰᠤᠨ ᠵᠤᠬᠢᠶᠠᠨ ᠪᠠᠢᠭᠤᠯᠤᠯᠳᠠ ᠶᠢᠨ ᠠᠵᠢᠯ ᠤᠨ ᠲᠦᠷᠢᠮ》ᠵᠡᠷᠭᠡ ᠬᠠᠮᠢᠶ᠎ᠠ ᠪᠦᠬᠦᠢ ᠲᠦᠷᠢᠮ ᠤᠨ ᠱᠠᠭᠠᠷᠳᠠᠯᠭ᠎ᠠ ᠶᠢ ᠨᠠᠷᠢᠨ ᠬᠢᠨᠠᠮᠠᠭᠠᠢ ᠰᠤᠷᠤᠯᠴᠠᠨ ᠲᠤᠭᠤᠰᠢᠯᠠᠭᠤᠯᠵᠤ᠂ ᠭᠠᠴᠠᠭ᠎ᠠ ᠲᠤᠰᠭᠤᠨ ᠤ ᠬᠤᠶᠠᠷ ᠵᠦᠪᠯᠡᠯ ᠤᠨ ᠬᠤᠭᠤᠴᠠᠭ᠎ᠠ ᠰᠤᠯᠢᠬᠤ ᠬᠠᠮᠢᠶ᠎ᠠ ᠪᠦᠬᠦᠢ ᠠᠵᠢᠯ ᠢ ᠡᠷᠳᠡ ᠲᠦᠯᠤᠪᠯᠡᠵᠤ᠂ ᠬᠠᠮᠢᠶ᠎ᠠ ᠪᠦᠬᠦᠢ ᠬᠠᠷᠠᠯᠳᠠᠳᠤ ᠡᠬᠦᠷᠭᠡ ᠶᠢ ᠤᠷᠤᠭᠰᠢᠳᠠᠢ ᠪᠠᠶᠡᠯᠡᠬᠦᠯᠬᠦ ᠶᠢ ᠪᠠᠳᠤᠯᠠᠬᠤ ᠭᠡᠷᠡᠭᠳᠡᠢ᠃ ᠨᠠᠮ ᠤᠨ ᠡᠬᠦᠷ ᠤᠨ ᠬᠦᠳᠤᠯᠤᠨ ᠲᠠᠭᠠᠭᠤᠯᠬᠤ ᠤᠢᠯᠡᠳᠤᠯ ᠪᠠ ᠨᠠᠮ ᠤᠨ ᠭᠡᠰᠢᠬᠦᠨ ᠤ ᠬᠤᠰᠢᠭᠤᠴᠢ ᠲᠠᠭᠤᠷᠢᠶᠠᠯ ᠤᠢᠯᠡᠳᠤᠯ ᠢ ᠪᠠᠳᠠᠷᠠᠭᠤᠯᠵᠤ᠂ ᠭᠠᠴᠠᠭᠠᠨ ᠤ ᠤᠳᠤᠷᠢᠳᠬᠤ ᠪᠠᠭ ᠤᠨ ᠠᠵᠢᠯᠯᠠᠭ᠎ᠠ᠂ ᠡᠩᠨᠡᠭᠡᠨ ᠤ ᠪᠦᠳᠤᠭᠡᠨ ᠪᠠᠢᠭᠤᠯᠤᠯᠳᠠ ᠶᠢ ᠴᠢᠩᠭᠠᠷᠠᠭᠤᠯᠤᠨ᠂ ᠬᠤᠪᠤᠯᠳᠤ ᠭᠠᠴᠠᠭᠠᠨ ᠤ ᠨᠠᠮ ᠤᠨ ᠡᠬᠦᠷ ᠤᠨ ᠪᠤᠳᠠᠳᠠᠢ ᠲᠠᠢ ᠤᠶᠠᠯᠳᠤᠭᠤᠯᠵᠤ᠂ ᠨᠠᠮ ᠤᠨ ᠪᠠᠢᠭᠤᠯᠤᠯᠳᠠ ᠪᠠ ᠲᠤᠬᠠᠢᠯᠠᠭᠰᠨᠨ ᠠᠵᠢᠯ ᠤᠨ ᠤᠶᠠᠯᠳᠤᠯ ᠢ ᠴᠢᠩᠭᠠᠳᠬᠠᠨ᠂ ᠨᠠᠮ ᠤᠨ ᠪᠠᠢᠭᠤᠯᠤᠯᠳᠠ ᠶᠢᠨ ᠠᠵᠢᠯ ᠤᠨ ᠤᠨᠴᠠᠯᠢᠭ ᠢ ᠲᠤᠪᠤᠢᠯᠭᠠᠵᠤ᠂ ᠨᠠᠮ ᠤᠨ ᠪᠠᠢᠭᠤᠯᠤᠯᠳᠠ ᠶᠢᠨ ᠨᠡᠷᠡᠳᠤ ᠲᠠᠮᠳᠡᠭ᠌ ᠤᠨ ᠪᠦᠳᠤᠭᠡᠨ ᠪᠠᠢᠭᠤᠯᠤᠯᠳᠠ ᠶᠢ ᠴᠢᠩᠭᠠᠳᠬᠠᠨ᠂《ᠬᠠᠮᠤᠭ ᠬᠦᠴᠤᠷᠭᠡᠭ᠌ ᠨᠠᠮ ᠤᠨ ᠡᠬᠦᠷ》᠋᠋ ᠤᠨ ᠪᠦᠳᠤᠭᠡᠨ ᠪᠠᠢᠭᠤᠯᠤᠯᠳᠠ ᠶᠢ ᠪᠦᠬᠦ ᠬᠦᠴᠤᠨ ᠶᠢᠠᠷ ᠲᠦᠯᠬᠢᠨ ᠠᠬᠢᠭᠤᠯᠬᠤ ᠭᠡᠷᠡᠭᠳᠡᠢ ᠭᠡᠵᠡᠢ᠃


ᠡᠮᠦᠨᠡᠬᠢ᠄ ᠬᠤᠳᠠ ᠬᠤᠰᠢᠭᠤ ᠬᠤᠶᠠᠷ ᠱᠠᠳᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶᠠᠨ ᠤ ᠪᠠᠢᠭᠤᠯᠭ᠎ᠠ ᠬᠤᠯᠪᠤᠭᠠᠯᠠᠨ《ᠤᠭ ᠰᠠᠨᠠᠭ᠎ᠠ ᠪᠠᠨ ᠦᠯᠤ ᠮᠠᠷᠳᠠᠨ᠂ ᠤᠷᠳᠤ ᠵᠠᠮ ᠤᠨ ᠠᠶᠠᠨ ᠲᠠᠢᠨ ᠢ ᠲᠠᠬᠢᠨᠳᠠ ᠠᠶᠠᠯᠠᠵᠤ᠂ ᠦᠷᠬᠦᠯᠵᠢᠯᠡᠨ ᠤᠷᠤᠭᠰᠢᠯᠠᠵᠤ᠂ ᠡᠬᠦᠷᠢᠳᠠ ᠨᠠᠮ ᠶᠢᠠᠨ ᠲᠠᠭᠠᠨ᠎ᠡ》ᠭᠤᠤᠯ ᠰᠡᠳᠤᠪᠳᠤ ᠨᠠᠮ ᠤᠨ ᠡᠳᠤᠷ ᠤᠨ ᠬᠦᠳᠡᠯᠭᠡᠭᠡᠨ ᠦᠷᠨᠢᠬᠦᠯᠪᠡ
ᠳᠠᠷᠠᠭᠠᠬᠢ᠄ ᠬᠤᠰᠢᠭᠤᠨ ᠤ ᠠᠷᠠᠳ ᠤᠨ ᠲᠦᠯᠤᠭᠡᠯᠡᠭᠴᠢᠳ ᠤᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠪᠦᠬᠦ ᠬᠤᠰᠢᠭᠤᠨ ᠤ ᠡᠮ ᠡᠮᠨᠡᠯᠭᠡ ᠶᠢᠨ ᠠᠵᠢᠯᠳᠠᠨ ᠤ ᠡᠩᠨᠡᠭᠡᠨ ᠤ ᠪᠦᠳᠤᠭᠡᠨ ᠪᠠᠢᠭᠤᠯᠤᠯᠳᠠ ᠶᠢᠨ ᠪᠠᠢᠳᠠᠯ ᠳᠤ ᠲᠤᠰᠬᠠᠢ ᠰᠡᠳᠤᠪᠳᠤ ᠪᠠᠢᠴᠠᠭᠠᠨ ᠰᠤᠳᠤᠯᠤᠯᠳᠠ ᠬᠢᠪᠡ