ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠰᠦ᠋ᠩ ᠯᠢ᠍ᠶᠠᠨ ᠡᠾᠦᠢ᠍ᠢ ᠦᠨᠡᠭᠡᠴᠢ ᠰᠤᠮᠤ ᠳ᠋ᠦ ᠬᠦᠷᠴᠦ ᠠᠵᠢ᠍ᠯ ᠪᠠᠢ᠌ᠴᠠᠭᠠᠨ ᠵᠢᠯᠤᠭᠤᠳᠪᠠ
ᠪᠦᠬᠦ ᠬᠤᠰᠢ᠍ᠭᠤᠨ ᠤ ᠶᠠᠳ᠋ᠠᠭᠤ ᠡᠴᠨ ᠠᠩᠭᠢᠵᠢ᠍ᠷᠠᠭᠤᠯᠬᠤ ᠪᠤᠭᠤᠮᠳ᠋ᠠ ᠰᠢ᠍ᠪᠲᠤᠯᠬᠤ ᠠᠵᠢ᠍ᠯ ᠤᠨ ᠠᠬᠢᠭᠤᠯᠤᠯᠲᠠ ᠶᠢᠨ ᠬᠤᠷᠠᠯ ᠤᠨ ᠱᠠᠭᠠᠷᠳ᠋ᠠᠯᠭ᠎ᠠ ᠶᠤᠰᠤᠭᠠᠷ᠂11 ᠰᠠᠷ᠎ᠠ ᠶᠢᠨ14 ᠊ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠰᠦ᠋ᠩ ᠯᠢ᠍ᠶᠠᠨ ᠡᠾᠦ᠋ᠢ ᠳᠠᠭᠠᠭᠠᠴᠢ᠍ᠯᠠᠭᠰᠠᠨ ᠭᠠᠵᠠᠷ ᠤᠷᠤᠨ ᠪᠤᠯᠬᠤ ᠦᠨᠡᠭᠡᠴᠢ ᠰᠤᠮᠤ ᠳ᠋ᠦ ᠬᠦᠷᠴᠦ ᠶᠠᠳ᠋ᠠᠭᠤ ᠡᠴᠨ ᠠᠩᠭᠢᠵᠢ᠍ᠷᠠᠭᠤᠯᠬᠤ ᠪᠤᠭᠤᠮᠳ᠋ᠠ ᠰᠢ᠍ᠪᠲᠤᠯᠬᠤ ᠠᠵᠢ᠍ᠯ ᠤᠨ ᠦᠷ᠎ᠠ ᠪᠦᠲᠦᠮᠵᠢ ᠪᠤᠯᠤᠨ ᠬᠦᠮᠦᠨ ᠠᠮᠠ ᠶᠢᠨ ᠨᠠᠢ᠌ᠳ᠋ᠡᠮ ᠪᠠᠢ᠌ᠴᠠᠭᠠᠯᠲᠠ ᠶᠢᠨ ᠠᠵᠢ᠍ᠯ ᠢ ᠪᠠᠢ᠌ᠴᠠᠭᠠᠨ ᠵᠢᠯᠤᠭᠤᠳᠪᠠ᠃

ᠰᠦ᠋ᠩ ᠯᠢ᠍ᠶᠠᠨ ᠡᠾᠦ᠋ᠢ ᠡᠷᠬᠢᠯᠡᠭ᠍ᠴᠢ ᠦᠨᠡᠭᠡᠴᠢ ᠰᠤᠮᠤ ᠶᠢᠨ ᠶᠠᠳ᠋ᠠᠭᠤ ᠶᠢ ᠳᠡᠳᠬᠦᠬᠦ ᠠᠯᠪᠠᠨ ᠭᠡᠷ ᠲᠤ ᠬᠦᠷᠴᠦ ᠶᠠᠳ᠋ᠠᠭᠤ ᠡᠴᠨ ᠠᠩᠭᠢᠵᠢ᠍ᠷᠠᠭᠤᠯᠬᠤ ᠪᠤᠭᠤᠮᠳ᠋ᠠ ᠰᠢ᠍ᠪᠲᠤᠯᠬᠤ ᠬᠠᠮᠢ᠍ᠶ᠎ᠠ ᠪᠦᠬᠦᠢ ᠳᠠᠩᠰᠠ ᠡᠪᠬᠡᠮᠡᠯ ᠢ ᠨᠠᠷᠢ᠍ᠨ ᠬᠢᠨᠠᠮᠠᠭᠠᠢ ᠪᠠᠢ᠌ᠴᠠᠭᠠᠨ ᠦᠵᠡᠬᠦ ᠶᠢᠨ ᠬᠠᠮᠳ᠋ᠤ ᠴᠢ᠍ᠩᠭ᠋ᠠᠳᠬᠠᠭᠰᠠᠨ ᠨᠢ᠂ ᠰᠤᠮᠤ ᠶᠢᠨ ᠨᠠᠮ ᠤᠨ ᠬᠤᠷᠢ᠍ᠶ᠎ᠠ ᠵᠠᠰᠠᠭ ᠤᠨ ᠤᠷᠳ᠋ᠤᠨ ᠡᠷᠬᠡᠪᠰᠢ ᠲᠤᠰ ᠤᠳ᠋ᠠᠭᠠᠨ ᠤ ᠶᠠᠳ᠋ᠠᠭᠤ ᠡᠴᠨ ᠠᠩᠭᠢᠵᠢ᠍ᠷᠠᠭᠤᠯᠬᠤ ᠪᠤᠭᠤᠮᠳ᠋ᠠ ᠰᠢ᠍ᠪᠲᠤᠯᠬᠤ ᠦᠷ᠎ᠠ ᠪᠦᠲᠦᠮᠵᠢ ᠶᠢ ᠬᠢᠨᠠᠨ ᠰᠢ᠍ᠯᠭᠠᠷᠠᠭᠤᠯᠬᠤ ᠠᠵᠢ᠍ᠯ ᠢ ᠳᠡᠭᠡᠳ᠋ᠦ ᠬᠡᠮᠵᠢ᠍ᠶ᠎ᠠ ᠪᠡᠷ ᠴᠢ᠍ᠬᠤᠯᠠᠴᠢ᠍ᠯᠠᠵᠤ᠂ ᠬᠠᠮᠢ᠍ᠶ᠎ᠠ ᠪᠦᠬᠦᠢ ᠱᠠᠭᠠᠷᠳ᠋ᠠᠯᠭ᠎ᠠ ᠶᠢ ᠴᠢ᠍ᠩᠭ᠎ᠠ ᠬᠠᠷᠢ᠍ᠴᠠᠭᠤᠯᠤᠨ᠂ ᠲᠤᠲᠠᠭᠳ᠋ᠠᠯ ᠶᠢᠡᠨ ᠨᠠᠷᠢ᠍ᠨ ᠬᠢᠨᠠᠮᠠᠭᠠᠢ ᠡᠷᠢ᠍ᠵᠦ᠂ ᠳᠠᠷᠤᠢ ᠲᠦ᠋ᠷᠭᠡᠨ ᠵᠠᠰᠠᠨ ᠦᠭᠡᠷᠡᠴᠢ᠍ᠯᠡᠵᠤ᠂ ᠡᠯ᠎ᠠ ᠲᠠᠯ᠎ᠠ ᠶᠢᠨ ᠠᠵᠢ᠍ᠯ ᠡᠭᠦᠷᠭᠡ ᠪᠠᠨ ᠪᠦᠬᠦ ᠲᠠᠯ᠎ᠠ ᠪᠡᠷ ᠪᠤᠳ᠋ᠠᠳ᠋ᠠᠢ ᠨᠠᠷᠢ᠍ᠯᠢ᠍ᠭ ᠬᠢᠬᠦ ᠬᠡᠷᠡᠭ᠍ᠲᠡᠢ ᠭᠡᠵᠡᠢ᠃

ᠳᠠᠷᠠᠭ᠎ᠠ ᠨᠢ᠂ ᠰᠦ᠋ᠩ ᠯᠢ᠍ᠶᠠᠨ ᠡᠾᠦ᠋ᠢ ᠡᠷᠬᠢᠯᠡᠭ᠍ᠴᠢ ᠦᠨᠡᠭᠡᠴᠢ ᠰᠤᠮᠤ ᠶᠢᠨ ᠨᠡᠢ᠌ᠭᠡᠮ ᠦᠨ ᠶᠠᠪᠤᠳ᠋ᠠᠯ ᠤᠨ ᠠᠯᠪᠠᠨ ᠭᠡᠷ ᠲᠤ ᠬᠦᠷᠴᠦ᠂ ᠬᠦᠮᠦᠨ ᠠᠮᠠ ᠶᠢᠨ ᠨᠡᠢ᠌ᠳ᠋ᠡᠮ ᠪᠠᠢ᠌ᠴᠠᠭᠠᠯᠲᠠ ᠶᠢᠨ ᠠᠵᠢ᠍ᠯ ᠦᠷᠨᠢᠯᠳ᠋ᠡ ᠶᠢᠨ ᠪᠠᠢ᠌ᠳ᠋ᠠᠯ ᠢ ᠨᠠᠷᠢ᠍ᠯᠢ᠍ᠭ ᠤᠢ᠌ᠯᠠᠭᠠᠬᠤ ᠶᠢᠨ ᠬᠠᠮᠳ᠋ᠤ ᠴᠢ᠍ᠩᠭ᠋ᠠᠳᠬᠠᠭᠰᠠᠨ ᠨᠢ᠂ ᠡᠷᠬᠡᠪᠰᠢ ᠵᠤᠬᠢᠶᠠᠨ ᠪᠠᠢ᠌ᠭᠤᠯᠤᠯᠲᠠ ᠶᠢᠨ ᠤᠳ᠋ᠤᠷᠢ᠍ᠳ᠋ᠤᠯᠭ᠎ᠠ ᠪᠠᠨ ᠴᠢ᠍ᠩᠭ᠋ᠠᠳᠬᠠᠨ᠂ ᠬᠠᠷᠢ᠍ᠭᠤᠴᠠᠯᠭ᠎ᠠ ᠶᠢᠨ ᠨᠠᠢ᠌ᠳ᠋ᠠᠪᠤᠷᠢ᠍ᠵᠢ᠍ᠭᠤᠯᠤᠯᠲᠠ ᠶᠢ ᠴᠢ᠍ᠩᠭ᠋ᠠᠷᠠᠭᠤᠯᠵᠤ᠂ ᠤᠯᠠᠨ ᠠᠮᠢ᠍ᠳ᠋ᠤᠯᠢ᠍ᠭ ᠰᠢ᠍ᠨ᠎ᠠ ᠶᠢ ᠡᠭᠦᠳᠬᠦ ᠠᠵᠢ᠍ᠯ ᠤᠨ ᠰᠡᠳᠬᠢᠴᠡ ᠶᠢ ᠢᠳ᠋ᠡᠪᠬᠢᠲᠡᠢ ᠡᠷᠢ᠍ᠯᠬᠢᠯᠡᠨ᠂ ᠨᠢ᠍ᠭᠡᠳ᠋ᠦᠯᠲᠡᠢ ᠲᠦ᠋ᠯᠦᠪᠯᠡᠨ ᠵᠤᠬᠢᠴᠠᠭᠤᠯᠬᠤ ᠬᠦᠴᠦᠯᠡᠴᠡ ᠪᠠᠨ ᠨᠡᠮᠡᠭ᠍ᠳ᠋ᠡᠬᠦᠯᠵᠦ᠂ ᠨᠡᠢ᠌ᠳ᠋ᠡᠮ ᠪᠠᠢ᠌ᠴᠠᠭᠠᠯᠲᠠ ᠶᠢᠨ ᠠᠵᠢ᠍ᠯ ᠲᠤᠮᠳ᠋ᠡ ᠲᠤᠬᠢᠶᠠᠯᠳ᠋ᠤᠭᠰᠠᠨ ᠬᠦᠴᠢ᠍ᠷᠳ᠋ᠡᠯ ᠪᠤᠯᠤᠨ ᠠᠰᠠᠭᠤᠳ᠋ᠠᠯ ᠢ ᠴᠠᠭ ᠲᠤᠬᠠᠢ ᠳ᠋ᠦ ᠨᠢ ᠵᠤᠬᠢᠴᠠᠭᠤᠯᠤᠨ ᠰᠢ᠌ᠳᠪᠦᠷᠢ᠍ᠯᠡᠵᠦ᠂ ᠤᠯᠠᠨ ᠰᠠᠯᠠᠭ᠎ᠠ ᠮᠦ᠋ᠴᠢ᠍ᠷ ᠬᠠᠮᠵᠢ᠍ᠯᠴᠠᠨ᠂ ᠬᠦᠴᠦᠷᠬᠡᠭ᠌ ᠶᠡᠭᠡ ᠨᠡᠢ᠌ᠯᠡᠮᠡᠯ ᠬᠦᠴᠦᠨ ᠢ ᠪᠦᠷᠢ᠍ᠯᠳ᠋ᠦᠭᠦᠯᠵᠦ᠂ ᠬᠦᠮᠦᠨ ᠠᠮᠠ ᠶᠢᠨ ᠨᠡᠢ᠌ᠳ᠋ᠡᠮ ᠪᠠᠢ᠌ᠴᠠᠭᠠᠯᠲᠠ ᠶᠢᠨ ᠠᠵᠢ᠍ᠯ ᠢ ᠬᠠᠤᠯᠢ ᠶᠤᠰᠤᠭᠠᠷ ᠵᠢᠷᠤᠮᠵᠢ᠍ᠭᠤᠯᠤᠨ ᠰᠠᠢ᠌ᠲᠤᠷ ᠬᠢᠵᠦ᠂ ᠬᠦᠮᠦᠨ ᠠᠮᠠ ᠶᠢᠨ ᠲᠤᠭ᠎ᠠ ᠪᠠᠷᠢ᠍ᠮᠳ᠋ᠠ ᠶᠢ ᠪᠤᠳ᠋ᠠᠳ᠋ᠠᠢ ᠪᠦᠭᠡᠳ ᠤᠨᠤᠪᠴᠢ᠍ᠲᠠᠢ ᠪᠠᠢ᠌ᠴᠠᠭᠠᠨ᠂ ᠰᠤᠮᠤ ᠶᠢᠨ ᠬᠦᠮᠦᠨ ᠠᠮᠠ ᠶᠢᠨ ᠨᠡᠢ᠌ᠳ᠋ᠡᠮ ᠪᠠᠢ᠌ᠴᠠᠭᠠᠯᠲᠠ ᠶᠢᠨ ᠠᠵᠢ᠍ᠯ ᠢ ᠦᠨᠳ᠋ᠦᠷ ᠴᠢ᠍ᠨᠠᠷ ᠲᠡᠶ ᠪᠠᠶᠡᠯᠡᠬᠦᠯᠬᠦ ᠶᠢ ᠪᠠᠲᠤᠯᠠᠬᠤ ᠬᠡᠷᠡᠭ᠍ᠲᠡᠢ ᠭᠡᠵᠡᠢ᠃ (ᠳᠠᠯᠠᠢ)