ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠤᠳ᠋ᠤᠷᠢ᠍ᠳ᠋ᠤᠯᠭ᠎ᠠ ᠳᠠᠭᠠᠭᠠᠴᠢ᠍ᠯᠠᠭᠰᠠᠨ ᠭᠠᠵᠠᠷ ᠤᠷᠤᠨ ᠳ᠋ᠦ ᠭᠦᠨᠵᠡᠭᠡᠢ᠌ᠷᠡᠨ ᠠᠵᠢ᠍ᠯ ᠬᠢᠨᠠᠨ ᠵᠢᠯᠤᠭᠤᠳ᠋ᠤᠭᠰᠠᠨ
11ᠰᠠᠷ᠎ᠠ ᠶᠢᠨ16 ᠊ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠳᠡᠳ᠋ ᠡᠷᠬᠢᠯᠡᠭ᠍ᠴᠢ ᠡᠦ ᠰᠢ᠍ᠶᠤᠤ᠂ ᠪᠦ᠋ ᠮᠤᠤ ᠰᠢ᠍ᠶᠠᠩ᠂ ᠦᠷᠡᠪᠠᠲᠦ᠂ ᠰᠦ᠋ᠩ ᠯᠢ᠍ᠶᠠᠨ ᠡᠾᠦ᠋ᠢ ᠳᠠᠭᠠᠭᠠᠴᠢ᠍ᠯᠠᠭᠰᠠᠨ ᠭᠠᠵᠠᠷ ᠤᠷᠤᠨ ᠳ᠋ᠦ ᠭᠦᠨᠵᠡᠭᠡᠢ᠌ᠷᠡᠨ᠂ ᠨᠠᠮ ᠢ ᠴᠢ᠍ᠩᠭ᠎ᠠ ᠵᠠᠰᠠᠬᠤ᠂ ᠶᠠᠳ᠋ᠠᠭᠤ ᠡᠴᠨ ᠠᠩᠭᠢᠵᠢ᠍ᠷᠠᠭᠤᠯᠬᠤ ᠪᠤᠭᠤᠮᠳ᠋ᠠ ᠰᠢ᠍ᠪᠲᠤᠯᠬᠤ᠂ ᠠᠮᠢ ᠠᠬᠤᠢ ᠤᠷᠴᠢ᠍ᠨ ᠲᠤᠭᠤᠷᠢ᠍ᠨ ᠤ ᠬᠠᠮᠠᠭᠠᠯᠠᠯᠲᠠ᠂ ᠬᠤᠳ᠋ᠠᠯᠳ᠋ᠤᠭ᠎ᠠ ᠡᠵᠡᠩᠨᠡᠯᠲᠡ ᠶᠢᠨ ᠤᠷᠴᠢ᠍ᠨ ᠠᠬᠤᠢ ᠶᠢ ᠰᠢ᠍ᠯᠢ᠍ᠳ᠋ᠡᠭ᠍ᠵᠢ᠍ᠬᠦᠯᠬᠦ ᠵᠡᠷᠭᠡ ᠭᠤᠤᠯᠳ᠋ᠠᠯᠭ᠎ᠠ ᠲᠡᠶ ᠠᠵᠢ᠍ᠯ ᠢ ᠬᠢᠨᠠᠨ ᠪᠠᠢ᠌ᠴᠠᠭᠠᠵᠤ ᠵᠢᠯᠤᠭᠤᠳᠪᠠ᠃
ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠤᠳ᠋ᠤᠷᠢ᠍ᠳ᠋ᠤᠯᠭ᠎ᠠ ᠠᠵᠢ᠍ᠯ ᠬᠢᠨᠠᠨ ᠵᠢᠯᠤᠭᠤᠳᠬᠤ ᠳ᠋ᠦ ᠪᠠᠨ ᠴᠢ᠍ᠩᠭ᠋ᠠᠳᠬᠠᠭᠰᠠᠨ ᠨᠢ᠂ ᠨᠢ᠍ᠭᠡ ᠳ᠋ᠦ ᠰᠤᠮᠤ ᠪᠠᠯᠭᠠᠰᠤ (ᠲᠠᠯᠠᠪᠠᠢ) ᠶᠢᠨ ᠨᠠᠮ ᠤᠨ ᠬᠤᠷᠢ᠍ᠶ᠎ᠠ ᠡᠷᠬᠡᠪᠰᠢ ᠨᠠᠮ ᠤᠨ ᠤᠯᠤᠰ ᠲᠦ᠋ᠷᠦ ᠶᠢᠨ ᠪᠠᠢ᠌ᠭᠤᠯᠤᠯᠲᠠ ᠶᠢ ᠬᠡᠵᠢ᠍ᠶᠡᠳ᠋ᠡ ᠲᠡᠷᠢ᠍ᠬᠦᠨ ᠳ᠋ᠦ ᠲᠠᠯᠪᠢᠨ᠂ ᠪᠦᠬᠦ ᠲᠠᠯ᠎ᠠ ᠪᠡᠷ ᠨᠠᠮ ᠢ ᠴᠢ᠍ᠩᠭ᠎ᠠ ᠵᠠᠰᠠᠬᠤ ᠡᠯ᠎ᠠ ᠲᠦ᠋ᠷᠦᠯ ᠦᠨ ᠱᠠᠭᠠᠷᠳ᠋ᠠᠯᠭ᠎ᠠ ᠶᠢ ᠨᠠᠢ᠌ᠳ᠋ᠠᠪᠤᠷᠢ᠍ᠵᠢ᠍ᠭᠤᠯᠤᠨ᠂ ᠨᠠᠮ ᠤᠨ ᠪᠠᠢ᠌ᠭᠤᠯᠤᠯᠳ᠋ᠠ ᠶᠢᠨ ᠠᠵᠢ᠍ᠯ ᠤᠨ ᠤᠷᠤᠰᠢ᠍ᠵᠤ ᠪᠠᠢ᠌ᠭ᠎ᠠ ᠠᠰᠠᠭᠤᠳ᠋ᠠᠯ ᠢ ᠨᠠᠷᠢ᠍ᠨ ᠬᠢᠨᠠᠮᠠᠭᠠᠢ ᠡᠮᠬᠢᠯᠡᠵᠦ᠂ ᠲᠤᠳ᠋ᠠᠭᠳ᠋ᠠᠯ ᠶᠢᠡᠨ ᠨᠦ᠋ᠬᠦᠪᠦᠷᠢ᠍ᠯᠡᠨ᠂ ᠦᠨᠳ᠋ᠦᠰᠦᠨ ᠱᠠᠲᠤᠨ ᠤ ᠨᠠᠮ ᠤᠨ ᠡᠭᠦᠷ ᠦᠨ ᠨᠠᠮ ᠤᠨ ᠪᠠᠢ᠌ᠭᠤᠯᠤᠯᠲᠠ ᠶᠢᠨ ᠠᠵᠢ᠍ᠯ ᠤᠨ ᠬᠢᠷᠢ ᠲᠦ᠋ᠪᠰᠢ᠍ᠨ ᠢ ᠲᠠᠰᠤᠷᠠᠯᠲᠠ ᠦᠭᠡᠶ ᠳᠡᠭᠡᠭ᠍ᠰᠢ᠍ᠯᠡᠬᠦᠯᠬᠦ ᠬᠡᠷᠡᠭ᠍ᠲᠡᠢ᠃ ᠬᠤᠶᠠᠷ ᠲᠤ ᠡᠷᠬᠡᠪᠰᠢ ᠪᠠᠴᠢ᠍ᠮ ᠲᠤᠯᠭᠠᠮ᠎ᠠ ᠰᠡᠳᠬᠢᠯᠭᠡ ᠪᠤᠯᠤᠨ ᠡᠭᠦᠷᠭᠡ ᠲᠤᠰᠢ᠍ᠶᠠᠯᠲᠦ ᠰᠡᠳᠬᠢᠯᠭᠡ ᠪᠠᠨ ᠦᠨᠡᠨᠬᠦ ᠴᠢ᠍ᠩᠭ᠋ᠠᠳᠬᠠᠨ᠂ ᠰᠢ᠍ᠯᠭᠠᠨ ᠦᠨᠡᠯᠡᠬᠦ ᠠᠵᠢ᠍ᠯ ᠤᠨ ᠬᠠᠮᠢ᠍ᠶ᠎ᠠ ᠪᠦᠬᠦᠢ ᠱᠠᠭᠠᠷᠳ᠋ᠠᠯᠭ᠎ᠠ ᠪᠡᠷ ᠡᠯ᠎ᠠ ᠲᠦ᠋ᠷᠦᠯ ᠦᠨ ᠠᠵᠢ᠍ᠯ ᠶᠢᠡᠨ ᠪᠦᠬᠦ ᠲᠠᠯ᠎ᠠ ᠪᠡᠷ ᠰᠠᠢ᠌ᠳ᠋ᠤᠷ ᠬᠢᠬᠦ ᠬᠡᠷᠡᠭ᠍ᠲᠡᠢ᠃ ᠭᠤᠷᠪᠠ ᠳ᠋ᠦ ᠡᠷᠬᠡᠪᠰᠢ 《ᠨᠤᠮᠢ᠍ᠨ ᠨᠤᠭᠤᠭᠠᠨ ᠠᠭᠤᠯᠡ ᠤᠰᠤ ᠪᠤᠯ ᠠᠯᠲᠠ ᠮᠦ᠋ᠩᠬᠦᠨ ᠠᠭᠤᠯᠡ》 ᠪᠤᠯᠬᠤ ᠬᠦᠭ᠍ᠵᠢ᠍ᠯᠳ᠋ᠡ ᠶᠢᠨ ᠰᠡᠳᠬᠢᠬᠦᠢ ᠶᠢ ᠭᠦᠨᠵᠡᠭᠡᠢ ᠦᠢ᠍ᠯᠡᠳ᠋ᠦᠯᠭᠡᠵᠢ᠍ᠭᠦᠯᠵᠦ᠂ ᠠᠮᠢ ᠠᠬᠤᠢ ᠶᠢᠨ ᠤᠷᠴᠢ᠍ᠨ ᠲᠤᠭᠤᠷᠢ᠍ᠨ ᠤ ᠬᠠᠮᠠᠭᠠᠯᠠᠯᠲᠠ ᠶᠢᠨ ᠠᠵᠢ᠍ᠯ ᠢ ᠦᠷᠭᠦᠯᠵᠢ ᠰᠠᠢ᠌ᠳ᠋ᠦᠷ ᠠᠳᠬᠤᠨ᠂ ᠠᠮᠢ ᠠᠬᠤᠢ ᠶᠢᠨ ᠬᠠᠮᠠᠭᠠᠯᠠᠯᠲᠡ ᠶᠢᠨ ᠠᠵᠦ ᠦᠢ᠍ᠯᠡᠰ ᠦᠨ ᠬᠦᠭ᠍ᠵᠢ᠍ᠯᠲᠡ ᠶᠢ ᠶᠡᠭᠡ ᠬᠦᠴᠤᠨ ᠶᠢᠡᠷ ᠲᠦ᠋ᠯᠬᠢᠨ ᠠᠬᠢᠭᠤᠯᠵᠦ᠂ ᠠᠵᠤ ᠠᠬᠤᠢ ᠶᠢᠨ ᠬᠦᠭ᠍ᠵᠢ᠍ᠯᠲᠡ ᠪᠤᠯᠤᠨ ᠠᠮᠢ ᠠᠬᠤᠢ ᠤᠷᠴᠢ᠍ᠨ ᠲᠤᠭᠤᠷᠢ᠍ᠨ ᠤ ᠬᠠᠮᠠᠭᠠᠯᠠᠯᠲᠠ ᠶᠢᠨ ᠬᠠᠷᠢ᠍ᠴᠠᠭ᠎ᠠ ᠶᠢ ᠨᠢ᠍ᠭᠡᠳ᠋ᠦᠯᠲᠡᠢ ᠲᠦ᠋ᠯᠦᠪᠯᠡᠵᠦ ᠰᠠᠢ᠌ᠳ᠋ᠤᠷ ᠬᠢᠬᠦ ᠬᠡᠷᠡᠭ᠍ᠲᠡᠢ᠃ ᠳᠦ᠋ᠷᠪᠡ ᠳ᠋ᠦ ᠡᠷᠬᠡᠪᠰᠢ ᠬᠤᠳ᠋ᠠᠯᠳ᠋ᠤᠭ᠎ᠠ ᠡᠵᠡᠩᠨᠡᠯᠲᠡ ᠶᠢᠨ ᠤᠷᠴᠢ᠍ᠨ ᠠᠬᠤᠢ ᠶᠢ ᠰᠢ᠍ᠯᠢ᠍ᠳ᠋ᠡᠭ᠍ᠵᠢ᠍ᠬᠦᠯᠬᠦ ᠠᠵᠢ᠍ᠯ ᠤᠨ ᠬᠠᠷᠠᠯᠲᠠ ᠳ᠋ᠦ ᠴᠢᠭ᠍ᠯᠡᠭᠦᠯᠦᠨ᠂ ᠪᠦᠬᠦ ᠬᠤᠰᠢ᠍ᠭᠤᠨ ᠤ ᠬᠤᠳ᠋ᠠᠯᠳ᠋ᠤᠭ᠎ᠠ ᠡᠵᠡᠩᠨᠡᠯᠲᠡ ᠶᠢᠨ ᠤᠷᠴᠢ᠍ᠨ ᠠᠬᠤᠢ ᠶᠢ ᠰᠢ᠍ᠯᠢ᠍ᠳ᠋ᠡᠭ᠍ᠵᠢ᠍ᠬᠦᠯᠬᠦ ᠠᠵᠢ᠍ᠯ ᠢ ᠲᠦ᠋ᠯᠬᠢᠨ ᠠᠬᠢᠭᠤᠯᠬᠤ ᠬᠤᠷᠠᠯ ᠤᠨ ᠵᠤᠷᠢ᠍ᠭ ᠰᠠᠨᠠᠭ᠎ᠠ ᠶᠢ ᠴᠢ᠍ᠩᠭ᠎ᠠ ᠲᠤᠭᠤᠰᠢ᠍ᠯᠠᠭᠤᠯᠤᠨ᠂ ᠦᠵᠡᠯ ᠰᠠᠨᠠᠭ᠎ᠠ ᠲᠠᠨᠢᠯᠲᠠ ᠪᠠᠨ ᠤᠯᠠᠮ ᠨᠢ᠍ᠭᠡ ᠠᠯᠬᠤᠮ ᠬᠤᠪᠢᠷᠠᠭᠤᠯᠵᠤ᠂ ᠠᠵᠢ᠍ᠯ ᠤᠨ ᠤᠪᠤᠷ ᠰᠤᠷᠳ᠋ᠠᠯ ᠶᠢᠡᠨ ᠰᠠᠢ᠌ᠵᠢ᠍ᠷᠠᠭᠤᠯᠤᠨ᠂ ᠰᠠᠨᠠᠭᠠᠴᠢ᠍ᠯᠠᠭ᠎ᠠ ᠡᠴᠨ ᠪᠠᠨ ᠦᠢ᠍ᠯᠡᠴᠢ᠍ᠯᠡᠬᠦ ᠤᠬᠠᠮᠰᠠᠷ ᠢ ᠪᠠᠲᠤᠳᠬᠠᠬᠤ ᠬᠡᠷᠡᠭ᠍ᠲᠡᠢ ᠭᠡᠵᠡᠢ᠃ (ᠳᠠᠯᠠᠢ)



