ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠨᠠᠮ ᠤᠨ ᠬᠡᠰᠢ᠍ᠬᠦᠨ ᠺᠠᠲᠷ ᠵᠡᠭᠡᠯᠢ ᠭᠤᠳ᠋ᠤᠮᠵᠢ ᠶᠢᠨ ᠴᠠᠰᠤ ᠮᠦ᠋ᠰᠦ ᠶᠢ ᠠᠷᠢ᠍ᠯᠭᠠᠬᠤ ᠠᠵᠢ᠍ᠯᠯᠠᠭ᠎ᠠ ᠦᠷᠨᠢᠭᠦᠯᠦᠭ᠍ᠰᠡᠨ

ᠤᠢ᠌ᠷ᠎ᠠ ᠶᠢᠨ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠦᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠪᠦᠬᠦ ᠨᠠᠮ ᠤᠨ ᠬᠡᠰᠢ᠍ᠬᠦᠨ ᠺᠠᠲᠷ ᠠᠵᠢ᠍ᠯᠳ᠋ᠠᠨ ᠶᠢᠡᠨ ᠵᠤᠬᠢᠶᠠᠨ ᠪᠠᠢ᠌ᠭᠤᠯᠵᠤ ᠬᠠᠷᠢ᠍ᠭᠤᠴᠠᠯᠭ᠎ᠠ ᠶᠢᠨ ᠬᠤᠪᠢᠶᠠᠨ ᠡᠭᠦᠷᠭᠡᠯᠡᠭ᠍ᠰᠡᠨ ᠴᠡᠭ᠌ ᠲᠤ ᠬᠦᠷᠴᠤ᠂ ᠴᠠᠰᠤ ᠮᠦ᠋ᠰᠦ ᠶᠢ ᠠᠷᠢ᠍ᠯᠭᠠᠬᠤ ᠠᠵᠢ᠍ᠯᠯᠠᠭ᠎ᠠ ᠦᠷᠨᠢᠭᠦᠯᠪᠡ᠃


ᠬᠡᠳ᠋ᠦᠢ᠌ᠪᠡᠷ ᠭᠠᠳ᠋ᠠᠨ᠎ᠠ ᠬᠠᠬᠢᠷ ᠬᠦᠢ᠍ᠳ᠋ᠡᠨ ᠪᠠᠢ᠌ᠭᠰᠠᠨ ᠪᠤᠯᠪᠠᠴᠤ᠂ ᠤᠯᠠᠨ ᠤ ᠠᠵᠢ᠍ᠯ ᠤᠨ ᠤᠷᠮ᠎ᠠ ᠵᠤᠷᠢ᠍ᠭ ᠦᠨᠳ᠋ᠦᠷ ᠪᠠᠢ᠌ᠵᠦ᠂ ᠬᠤᠷᠠᠭᠰᠠᠨ ᠴᠠᠰᠤ ᠶᠢ ᠴᠡᠪᠡᠷᠯᠡᠨ᠂ ᠬᠠᠢ᠌ᠯᠤᠭᠰᠠᠨ ᠮᠦ᠋ᠰᠦ ᠶᠢ ᠠᠷᠢ᠍ᠯᠭᠠᠵᠤ᠂ ᠬᠠᠨ ᠠᠭᠤᠯᠠ ᠵᠡᠭᠡᠯᠢ ᠶᠢᠨ ᠬᠠᠷᠢ᠍ᠭᠤᠴᠠᠨ ᠳᠠᠭᠠᠭᠠᠴᠢ᠍ᠯᠠᠭᠰᠠᠨ ᠬᠡᠰᠡᠭ᠌ ᠳᠡᠬᠢ ᠮᠦ᠋ᠰᠦ ᠴᠠᠰᠤ ᠶᠢ ᠦᠨᠳ᠋ᠦᠰᠦᠨ ᠳ᠋ᠦ ᠨᠢ ᠠᠷᠢ᠍ᠯᠭᠠᠨ ᠴᠡᠪᠡᠷᠯᠡᠵᠦ ᠳᠠᠭᠤᠰᠤᠨ᠂ ᠲᠡᠷᠭᠡ ᠤᠨᠤᠭ᠎ᠠ ᠪᠠ ᠰᠠᠭᠤᠭᠠᠯᠢ ᠠᠷᠠᠳ ᠤᠨ ᠶᠠᠪᠤᠵᠤ ᠰᠠᠭᠤᠬᠤ ᠳ᠋ᠦ ᠵᠠᠮ ᠬᠠᠷᠢᠯᠴᠠᠭ᠎ᠠ ᠵᠢᠨ ᠠᠮᠤᠷ ᠲᠦ᠋ᠪᠰᠢ᠍ᠨ ᠦ ᠲᠦ᠋ᠬᠦᠮ ᠬᠠᠩᠭ᠋ᠠᠪᠠ᠃ (ᠳᠠᠯᠠᠢ)